ᠲᠤᠮᠳᠠᠲᠤ ᠢᠷᠭᠡᠨ ᠣᠯᠣᠰ ᠤᠨ ᠦᠶ᠎ᠡ ︵1912 ~ 1949 ᠤᠨ︶ | ᠢᠷᠭᠡᠨ ᠤᠯᠤᠰ ᠤᠨ 4 ᠤᠨ ︵1915 ᠤᠨ︶ | ᠨᠢᠩᠰᠢᠶᠠ ᠶᠢᠨ ᠠᠭᠤᠷᠬᠠᠢ ᠶᠢᠨ ᠠᠷᠠᠯᠵᠢᠶᠠᠴᠢᠨ ᠵᠧᠩ ᠸᠠᠨ ᠹᠦ᠋᠂ ᠸᠠᠩ ᠵᠢᠶᠠ ᠪᠢᠨ᠂ ᠵᠠᠩ ᠵᠢᠶᠠ ᠿᠦᠩ | ᠵᠡᠷᠭᠡ ᠬᠦᠮᠦᠰ ᠴᠠᠷᠠᠮ ᠤᠨ ᠭᠤᠤᠯ᠂ ᠯᠤᠭᠰᠢᠳᠠᠷ ᠤᠷᠴᠢᠮ ᠨᠡᠭᠦᠷᠡᠰᠦᠨ ᠠᠭᠤᠷᠬᠠᠢ ᠨᠡᠭᠡᠭᠡᠵᠤ ᠪᠠᠶᠢᠪᠠ᠃ | ᠢᠷᠭᠡᠨ ᠤᠯᠤᠰ ᠤᠨ 6 ᠤᠨ ︵1917 ᠤᠨ︶ | ᠭᠤᠷᠪᠠᠳᠣᠭᠠᠷ ᠰᠠᠷ᠎ᠠ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠤᠨ ᠲᠤᠮᠳᠠ ᠯᠢᠩ ᠵᠸᠣ ᠶᠢᠨ ᠴᠡᠷᠢᠭ | ᠠᠷᠠᠳ ᠤᠨ ᠪᠤᠰᠤᠯᠭ᠎ᠠ ᠶᠢ ᠤᠳᠤᠷᠢᠳᠴᠦ ᠦᠩᠭᠡᠷᠡᠭᠰᠡᠨ ᠭᠤᠤ ᠱᠢ ᠰᠢᠦ᠂ ᠶᠤᠸᠠᠨ ᠱᠢ ᠺᠠᠢ ᠶᠢ ᠦᠭᠦᠭᠰᠡᠨ ᠠᠴᠠ | ᠰᠡᠭᠦᠯᠡᠷ᠂ ᠬᠠᠭᠤᠷᠮᠠᠭ ᠬᠠᠭᠠᠨ ︽ᠲᠠᠷᠠᠯᠤᠵᠢ︾ ᠶᠢᠨ ᠵᠠᠷᠯᠢᠭ ᠤᠨ ᠪᠢᠴᠢᠭ ᠢ ᠠᠰᠢᠭᠯᠠᠵᠤ᠂ ᠮᠤᠩᠭᠤᠯ ᠤᠨ ᠤᠯᠠᠨ | ᠠᠶᠢᠮᠠᠭ ᠲᠠᠢ ᠬᠤᠯᠪᠤᠭᠠᠯᠠᠵᠤ᠂ ᠤᠯᠠᠭᠠᠨ ᠤᠪᠤᠭ᠎ᠠ ᠶᠢᠨ ᠲᠠᠶᠢᠯᠠᠯᠳᠤᠭᠠᠨ ᠢ ᠡᠭᠦᠰᠬᠡᠵᠦ᠂ ᠱᠠᠨᠰᠢ ᠶᠢᠨ ᠴᠡᠷᠢᠭ ᠢ | ᠶᠡᠬᠡᠪᠡᠷ ᠢᠯᠠᠭᠰᠠᠨ ᠤ ᠰᠡᠭᠦᠯᠡᠷ ᠭᠡᠳᠦᠨ ᠮᠢᠩᠭᠠᠨ ᠬᠦᠮᠦᠨ ᠢᠶᠠᠨ ᠲᠠᠭᠠᠭᠤᠯᠵᠤ ᠳ᠋ᠧᠩᠺᠸᠤ ᠶᠢ ᠡᠵᠡᠯᠡᠵᠦ᠂ ᠲᠠᠬᠢᠨᠳᠠ | ᠭᠤᠷᠪᠠᠨ ᠵᠠᠮ ᠤᠨ ᠴᠡᠷᠢᠭ ᠬᠤᠪᠢᠶᠠᠵᠤ᠂ ᠨᠢᠩᠰᠢᠶᠠ ᠶᠢ ᠴᠤᠬᠢᠪᠠ᠃ ᠨᠢᠩᠰᠢᠶᠠ ᠶᠢᠨ ᠬᠠᠮᠠᠭᠠᠯᠠᠭᠴᠢ ᠴᠡᠷᠢᠭ ᠤᠨ | ᠲᠦᠰᠢᠮᠡᠯ ᠮᠠ ᠹᠦ᠋ ᠰᠢᠶᠠᠩ ᠲᠡᠭᠦᠨ ᠤ ᠠᠴᠢ ᠮᠠ ᠬᠤᠩ ᠪᠢᠨ ᠢᠶᠠᠷ ᠮᠤᠷᠢᠲᠤ᠂ ᠶᠠᠪᠠᠭᠠᠨ᠂ ᠫᠤᠤᠲᠤ ᠭᠤᠷᠪᠠᠨ | ᠰᠠᠯᠠᠭ᠎ᠠ ᠴᠡᠷᠢᠭ ᠲᠠᠶᠢᠴᠢᠯᠠᠨ ᠲᠡᠭᠡᠷᠡᠮ ᠢ ᠤᠰᠠᠳᠬᠠᠬᠤ ᠪᠠᠷ ᠲᠤᠮᠢᠯᠠᠪᠠ᠂ 21 ᠤ ᠡᠳᠦᠷ ᠤᠨ ᠦᠷᠯᠦᠭᠡ ᠰᠠᠨ | ᠵᠤᠸᠠᠨ ᠽᠢ ︵ᠣᠳᠣ ᠶᠢᠨ ᠣᠳᠠ ᠲᠤᠭᠤᠷᠢᠭ ᠤᠨ ᠬᠤᠶᠢᠲᠤ ᠬᠡᠰᠡᠭ︶ ᠲᠤ ᠪᠠᠶᠢᠯᠳᠣᠭᠠᠨ ᠪᠤᠯᠪᠠ᠃ ᠭᠤᠤ ᠱᠢ | ᠰᠢᠤ ᠤᠪᠤᠭᠠᠲᠤ ᠶᠢᠨ ᠰᠦᠮ᠎ᠡ ︵ᠣᠳᠣ ᠶᠢᠨ ᠣᠳᠠ ᠲᠤᠭᠤᠷᠢᠭ ᠤᠨ ᠴᠢᠩ ᠨᠢᠶᠠᠨ ᠴᠢᠶᠣᠣ ᠬᠦᠭᠦᠷᠭᠡ ᠶᠢᠨ | ᠡᠮᠦᠨ᠎ᠡ ᠬᠡᠰᠡᠭ︶ ᠳᠤ ᠵᠢᠭᠤᠳᠠᠨ ᠤᠷᠤᠪᠠ᠂ ᠨᠢᠩᠰᠢᠶᠠ ᠴᠡᠷᠢᠭ ᠰᠦᠮ᠎ᠡ ᠶᠢ ᠪᠦᠰᠡᠯᠡᠨ ᠲᠠᠭᠠᠷᠢᠯᠳᠠ ᠬᠢᠭᠰᠡᠨ ᠳᠤ᠂ | ᠭᠤᠤ ᠱᠢ ᠰᠢᠦ ᠰᠦᠮ᠎ᠡ ᠠᠴᠠ ᠭᠠᠷᠴᠣ ᠤᠷᠲᠤ ᠭᠤᠤᠯ ︵ᠤᠳᠤ ᠶᠢᠨ ᠤᠳᠠ ᠲᠤᠭᠤᠷᠢᠭ ᠤᠨ ᠪᠠᠶᠠᠨᠰᠠᠶᠢᠨ ᠤ | ᠡᠮᠦᠨᠡᠬᠢ ᠤᠷᠲᠤ ᠭᠤᠤᠯ︶ ᠳᠤ ᠲᠤᠳᠠᠭᠠᠨ ᠤᠷᠤᠪᠠ᠃ ᠭᠤᠷᠪᠠᠳᠣᠭᠠᠷ ᠰᠠᠷ᠎ᠠ ᠶᠢᠨ ᠰᠡᠭᠦᠯᠴᠢ ᠪᠠᠷ ᠬᠤᠶᠠᠷ ᠲᠠᠯ᠎ᠠ | ᠪᠠᠷ ᠾᠧ ᠯᠠᠨ ᠱᠠᠨ ᠠᠭᠤᠯᠠ ᠶᠢᠨ ᠠᠷᠣ ᠳᠤ ᠪᠠᠶᠢᠯᠳᠤᠵᠤ᠂ ᠭᠤᠤ ᠶᠢᠨ ᠴᠡᠷᠢᠭ ᠤᠨ ᠵᠦᠪᠯᠡᠭᠴᠢ ᠢᠦᠢ ᠯᠢᠩ | ᠶᠦᠨ ᠮᠠ ᠤᠪᠤᠭᠲᠤ ᠶᠢᠨ ᠴᠡᠷᠢᠭ ᠲᠤ ᠪᠠᠭᠤᠵᠤ ᠦᠭᠪᠡ᠂ ᠭᠤᠤ ᠶᠢᠨ ᠭᠤᠤᠯ ᠵᠠᠩᠵᠦᠨ ᠵᠠᠩ ᠫᠦ᠋ ᠵᠢᠴᠢ | ᠬᠠᠭᠤᠷᠮᠠᠭ ᠬᠠᠭᠠᠨ ︽ᠲᠠᠷᠠᠯᠤᠵᠢ︾ ᠵᠡᠷᠭᠡ 200 ᠭᠠᠷᠤᠢ ᠬᠦᠮᠦᠨ ᠤᠯᠵᠠᠯᠠᠭᠳᠠᠵᠤ᠂ ᠭᠤᠤ ᠴᠦᠬᠡᠨ ᠬᠡᠳᠦᠨ | ᠬᠦᠮᠦᠨ ᠲᠠᠭᠠᠭᠤᠯᠵᠤ ᠲᠤᠳᠠᠭᠠᠪᠠ᠃ | ▲ ᠰᠠᠨ ᠱᠧᠩ ᠭᠦᠩ ᠤᠨ ᠬᠤᠳᠠᠯᠳᠤᠭᠠᠴᠢᠨ ᠲᠢᠶᠠᠨ ᠰᠢᠩ ᠴᠢᠤᠸᠠᠨ ᠤ ᠬᠦᠷᠦᠩᠭᠡᠳᠡᠨ ᠭᠤᠤ ᠱᠤᠸᠠᠩ ᠰᠢ | ᠤᠳᠠ ᠶᠢᠨ ᠬᠤᠸᠠᠩ ᠪᠠᠢ ᠽᠢ ᠳᠤ ᠨᠡᠭᠦᠷᠡᠰᠦᠨ ᠠᠭᠤᠷᠬᠠᠢ ᠨᠡᠭᠡᠭᠡᠵᠦ ᠪᠠᠶᠢᠪᠠ᠃ | ᠢᠷᠭᠡᠨ ᠤᠯᠤᠰ ᠤᠨ 9 ᠤᠨ ︵1920 ᠤᠨ︶ | | ᠠᠯᠠᠱᠠ ᠬᠤᠰᠢᠭᠤ ︵ᠤᠳᠤ ᠶᠢᠨ ᠤᠳᠠ ᠣᠷᠣᠨ ᠢ ᠬᠠᠷᠢᠶᠠᠯᠠᠨ᠎ᠠ︶ ᠭᠠᠩ ᠤᠨ ᠭᠠᠮᠰᠢᠭ ᠪᠤᠯᠵᠤ᠂ ᠠᠳᠤᠭᠤ | ᠮᠠᠯ ᠦᠬᠦᠵᠦ ᠲᠠᠭᠤᠰᠪᠠ᠃ ᠶᠡᠭᠡ ᠵᠤᠤ ᠠᠶᠢᠮᠠᠭ ︵ᠤᠳᠤ ᠶᠢᠨ ᠬᠠᠶᠢᠷᠣᠪ ᠤᠨ ᠲᠤᠬᠤᠢ ᠲᠤᠭᠤᠷᠢᠭ ᠢ | ᠬᠠᠮᠢᠶᠠᠷᠤᠨ᠎ᠠ︶ ᠶᠡᠭᠡ ᠰᠠᠯᠬᠢᠨ ᠤ ᠭᠠᠮᠰᠢᠭ ᠪᠤᠯᠵᠤ᠂ ᠬᠦᠨᠲᠦ ᠨᠦᠴᠢᠳᠡᠢ ᠬᠤᠬᠢᠷᠠᠯ ᠪᠤᠯᠪᠠ᠃ | ▲ ᠱᠢ ᠽᠦᠢ ᠱᠠᠨ ᠤ ᠭᠠᠵᠠᠷ ᠤᠨ ᠡᠵᠡᠨ ᠯᠢ ᠱᠤᠸᠠᠩ ᠱᠧᠩ ᠣᠳᠠ ᠶᠢᠨ ᠰᠧ ᠬᠤᠸᠠᠩ ᠹᠧᠩ ᠭᠤᠤᠯ ᠳᠤ | ᠨᠡᠭᠦᠷᠡᠰᠦᠨ ᠠᠭᠤᠷᠬᠠᠢ ᠨᠡᠭᠡᠭᠡᠵᠦ᠂ 7 ᠠᠭᠤᠷᠬᠠᠢ ᠶᠢᠨ ᠠᠵᠢᠯᠴᠢᠨ ᠲᠠᠢ ᠪᠠᠶᠢᠪᠠ᠃ | ᠢᠷᠭᠡᠨ ᠤᠯᠤᠰ ᠤᠨ 10 ᠤᠨ ︵1921 ᠤᠨ︶ | ᠬᠠᠪᠤᠷ ᠨᠢᠩᠰᠢᠶᠠ ᠶᠢᠨ ᠰᠠᠬᠢᠨ ᠬᠠᠮᠠᠭᠠᠯᠠᠬᠤ ᠲᠦᠰᠢᠮᠡᠯ ᠮᠠ ᠬᠤᠩ ᠪᠢᠨ ᠱᠢ ᠽᠦᠢ ᠱᠠᠨ᠂ ᠾᠧ | ᠭᠤᠸᠠᠢ ᠽᠢ᠂ ᠳ᠋ᠧᠩᠺᠸᠤ ︵ᠬᠠᠭᠤᠴᠢᠨ ᠳ᠋ᠧᠩᠺᠸᠤ︶᠂ ᠨᠠᠨ ᠯᠢᠶᠠᠩ ᠲᠠᠢ ᠵᠡᠷᠭᠡ ᠭᠠᠵᠠᠷ ᠲᠤᠰᠪᠤᠷᠢ ᠨᠢᠭᠡᠨ ᠴᠡᠷᠢᠭ | ᠤᠨ ᠬᠤᠸᠠᠷᠠᠨ ᠪᠠᠶᠢᠭᠤᠯᠪᠠ᠃ ᠾᠧ ᠭᠤᠸᠠᠢ ᠽᠢ ᠤᠳᠤ ᠶᠢᠨ ᠣᠳᠠ ᠶᠢᠨ ᠬᠤᠶᠢᠲᠤ ᠲᠠᠯ᠎ᠠ ᠳᠤ ᠪᠠᠶᠢᠷᠢᠯᠠᠵᠤ᠂ | ᠠᠷᠪᠠ ᠭᠠᠷᠤᠢ ᠲᠠᠰᠣᠯᠭ᠎ᠠ ᠴᠡᠷᠢᠭ ᠤᠨ ᠬᠤᠸᠠᠷᠠᠨ ᠲᠠᠢ ᠪᠠᠶᠢᠪᠠ᠃ | ▲ ᠯᠢᠶᠠᠩ ᠹᠧᠩ ᠴᠢᠶᠠᠩ ᠤᠨ ᠤᠮᠪᠤᠯ ᠬᠦᠦ ᠯᠢᠶᠠᠩ ᠳ᠋ᠠ ᠭᠤᠤ ᠣᠳᠠ ᠶᠢᠨ ᠯᠢᠶᠠᠩ ᠵᠢᠶᠠ ᠭᠸᠤ ᠭᠤᠤᠯ ᠤᠨ | ᠨᠡᠭᠦᠷᠡᠰᠦᠨ ᠠᠭᠤᠷᠬᠠᠢ ᠪᠠᠨ ᠨᠢᠩᠰᠢᠶᠠ ᠶᠢᠨ ᠭᠠᠵᠠᠷ ᠤᠨ ᠡᠵᠡᠨ ᠯᠢ ᠾᠧᠩ ᠯᠢᠨ ᠳᠤ ᠲᠦᠷᠢᠶᠡᠰᠦᠯᠡᠨ ᠦᠭᠪᠡ᠂ | ᠭᠤᠷᠪᠠᠨ ᠵᠢᠯ ᠤᠨ ᠲᠠᠷᠠᠭ᠎ᠠ ᠤᠷᠬᠢᠭᠳᠠᠨ ᠬᠠᠶᠠᠭᠳᠠᠪᠠ᠃ | ᠢᠷᠭᠡᠨ ᠤᠯᠤᠰ ᠤᠨ 12 ᠤᠨ ︵1923 ᠤᠨ︶ | ᠲᠦᠷᠪᠡᠳᠦᠭᠡᠷ ᠰᠠᠷ᠎ᠠ ᠰᠦᠢ ᠶᠤᠸᠠᠨ ᠤ ᠪᠦᠭᠦᠳᠡ ᠶᠢ ᠵᠠᠬᠢᠷᠤᠭᠴᠢ ᠮᠠ ᠹᠦ᠋ ᠰᠢᠶᠠᠩ ᠣᠳᠤᠭ ᠬᠤᠰᠢᠭᠤᠨ | ᠤ ᠬᠠᠳᠣᠨ ᠭᠤᠤᠯ ᠤᠨ ᠡᠷᠬᠢ ᠶᠢᠨ ᠨᠢᠭᠡ ᠬᠡᠰᠡᠭ ᠤᠷᠲᠤ ᠲᠦᠷᠪᠡᠯᠵᠢᠨ ᠭᠠᠵᠠᠷ ︵ᠤᠳᠤ ᠶᠢᠨ ᠦᠬᠠᠢ ᠣᠷᠣᠨ | ᠪᠠᠭᠳᠠᠨ᠎ᠠ︶ ᠢ ᠭᠠᠨᠰᠣ ᠮᠣᠵᠢ ᠶᠢᠨ ᠨᠢᠩᠰᠢᠶᠠ ᠶᠢᠨ ᠰᠠᠬᠢᠨ ᠬᠠᠮᠠᠭᠠᠯᠠᠬᠤ ᠲᠦᠰᠢᠮᠡᠯ ᠤᠨ ᠠᠴᠢ ᠬᠦᠦ ᠮᠠ ᠬᠤᠩ | ᠪᠢᠨ ᠢᠶᠠᠷ ᠮᠠᠯ ᠮᠠᠯᠵᠢᠭᠤᠯᠵᠤ᠂ ᠨᠢᠩᠰᠢᠶᠠ ᠶᠢᠨ ᠬᠠᠷᠢᠶ᠎ᠠ ᠣᠷᠣᠨ ᠪᠣᠯᠭᠠᠪᠠ᠃ | ᠢᠷᠭᠡᠨ ᠤᠯᠤᠰ ᠤᠨ 15 ᠤᠨ ︵1926 ᠤᠨ︶ | 9 ᠰᠠᠷ᠎ᠠ ᠶᠢᠨ 17 ᠤ ᠡᠳᠦᠷ ᠹᠧᠩ ᠢᠦᠢ ᠰᠢᠶᠠᠩ ᠢᠷᠭᠡᠨ ᠣᠯᠣᠰ ᠤᠨ ᠬᠤᠯᠪᠤᠭᠠᠲᠤ ᠴᠡᠷᠢᠭ ᠤᠨ | ᠶᠡᠷᠦᠩᠬᠡᠢ ᠰᠧᠯᠢᠩ ᠤᠨ ᠨᠡᠷ᠎ᠡ ᠪᠠᠷ ᠦᠶᠤᠸᠠᠨ ᠳᠤ ᠲᠠᠩᠭᠠᠷᠢᠭᠯᠠᠵᠤ ᠲᠤᠰᠢᠶᠠᠯ ᠬᠦᠯᠢᠶᠡᠪᠡ᠃ ᠣᠯᠣᠰ ᠠᠷᠠᠳ ᠤᠨ | ᠴᠡᠷᠢᠭ ᠬᠤᠶᠢᠨ᠎ᠠ ᠬᠤᠶᠢᠨ᠎ᠠ ᠠᠴᠠ ᠪᠠᠨ ᠪᠤᠭᠤᠲᠤ ᠠᠴᠠ ᠮᠣᠷᠳᠠᠨ ᠦᠬᠠᠢ ᠪᠠᠷ ᠲᠠᠮᠵᠢᠨ ᠭᠠᠨᠰᠤ ᠳᠤ ᠬᠦᠷᠴᠦ ᠱᠠᠨ | ᠰᠢ ᠶᠢ ᠲᠤᠰᠠᠯᠠᠪᠠ᠃ ᠹᠧᠩ ᠢᠦᠢ ᠰᠢᠶᠠᠩ ᠪᠠᠰᠠ 11 ᠰᠠᠷ᠎ᠠ ᠶᠢᠨ 24 ᠤ ᠡᠳᠦᠷ ᠨᠠᠰᠢᠨ ᠲᠡᠷᠭᠡ ᠪᠠᠷ ᠦᠶᠤᠸᠠᠨ | ᠠᠴᠠ ᠮᠤᠷᠳᠠᠵᠤ᠂ ᠯᠢᠨ ᠾᠧ᠂ ᠳ᠋ᠧᠩᠺᠸᠤ᠂ ᠣᠳᠠ ᠶᠢ ᠦᠩᠭᠡᠷᠡᠨ ᠬᠠᠳᠤᠨ ᠭᠤᠤᠯ ᠤᠨ ᠪᠠᠷᠠᠭᠤᠨ ᠡᠷᠬᠢ ᠶᠢ | ᠲᠠᠭᠠᠵᠤ 5 ᠡᠳᠦᠷ ᠤᠨ ᠲᠠᠷᠠᠭ᠎ᠠ ᠢᠷᠭᠠᠢ ᠳᠤ ᠬᠦᠷᠪᠡ᠃ ᠪᠤᠭᠤᠲᠤ ᠠᠴᠠ ᠨᠢᠩᠰᠢᠶᠠ ᠬᠦᠷᠬᠦ ᠡᠨᠡ ᠬᠡᠰᠡᠭ ᠵᠠᠮ ᠢ | ᠹᠧᠩ ᠢᠦᠢ ᠰᠢᠶᠠᠩ ᠤᠨ ᠵᠠᠬᠢᠷᠣᠯ ᠲᠤᠤᠷᠠᠬᠢ ᠱᠢ ᠶᠢᠦ ᠰᠠᠨ ᠴᠡᠷᠢᠭ ᠠᠩᠬᠢ ᠲᠠᠭᠠᠭᠤᠯᠤᠨ ᠵᠠᠰᠠᠭᠰᠠᠨ ᠶᠤᠮ᠃ | ᠢᠷᠭᠡᠨ ᠤᠯᠤᠰ ᠤᠨ 17 ᠤᠨ ︵1928 ᠤᠨ︶ | 10 ᠰᠠᠷ᠎ᠠ ᠶᠢᠨ 19 ᠤ ᠡᠳᠦᠷ ᠨᠠᠨᠵᠢᠩ ᠤᠨ ᠢᠷᠭᠡᠨ ᠣᠯᠣᠰ ᠤᠨ ᠵᠠᠰᠠᠭ ᠤᠨ ᠣᠷᠳᠣᠨ ᠠᠴᠠ | ᠢᠷᠭᠡᠨ ᠣᠯᠣᠰ ᠤᠨ ᠵᠰᠠᠭ ᠤᠨ ᠣᠷᠳᠣᠨ ᠤ ᠨᠡᠷ᠎ᠡ ᠪᠠᠷ ᠵᠠᠷᠯᠢᠭ ᠪᠤᠯᠵᠤ᠂ ᠨᠢᠩᠰᠢᠶᠠ ᠮᠤᠵᠢ ᠶᠢ ᠪᠠᠶᠢᠭᠤᠯᠵᠤ᠂ | ᠠᠯᠠᠱᠠ ᠬᠤᠰᠢᠭᠤ ︵ᠤᠳᠤ ᠶᠢᠨ ᠤᠳᠠ ᠣᠷᠣᠨ ᠢ ᠬᠠᠷᠢᠶᠠᠯᠠᠨ᠎ᠠ︶᠂ ᠡᠵᠡᠨ᠎ᠡ ᠬᠤᠰᠢᠭᠤ ᠬᠢᠭᠡᠳ ᠳ᠋ᠧᠩᠺᠸᠤ | ᠰᠢᠶᠠᠨ ᠢ ᠬᠠᠮᠲᠤ ᠳᠤᠨᠢ ᠨᠢᠩᠰᠢᠶᠠ ᠮᠤᠵᠢ ᠶᠢᠨ ᠵᠠᠬᠢᠷᠭ᠎ᠠ ᠳᠤ ᠬᠤᠪᠢᠶᠠᠷᠢᠯᠠᠨ ᠤᠷᠤᠭᠤᠯᠪᠠ᠃ | ᠢᠷᠭᠡᠨ ᠤᠯᠤᠰ ᠤᠨ 18 ᠤᠨ ︵1929 ᠤᠨ︶ | 1928 ᠣᠨ ᠤ 5 ᠰᠠᠷ᠎ᠠ ᠳᠤ ︽ᠾᠧ ᠬᠤᠸᠠᠩ ᠤᠨ ᠬᠡᠷᠡᠭ ᠬᠤᠪᠢᠰᠣᠯ︶ ᠡᠭᠦᠰᠪᠡ᠃ 1929 ᠤ 4 | ᠰᠠᠷ᠎ᠠ ᠳᠤ ᠮᠠ ᠵᠦᠩ ᠶᠢᠩ ᠵᠠᠬᠢᠷᠭ᠎ᠠ ᠶᠢᠨ ᠴᠡᠷᠢᠭ ᠢᠶᠠᠨ ᠲᠠᠶᠢᠴᠢᠯᠠᠨ ᠭᠠᠨᠰᠦ ᠶᠢᠨ ᠮᠢᠨ ᠴᠢᠨ ᠢᠶᠠᠷ ᠲᠡᠭᠷᠢ | ᠡᠯᠡᠰᠦᠨ ᠴᠦᠯ ᠳᠤ ᠣᠷᠣᠵᠣ᠂ ᠠᠯᠠᠱᠠ ᠬᠤᠰᠢᠭᠤᠨ ᠤ ᠳ᠋ᠢᠩ ᠶᠤᠸᠠᠨ ᠶᠢᠩ ᠢᠶᠠᠷ ᠲᠠᠮᠵᠢᠨ᠂ 4 ᠰᠠᠷ᠎ᠠ ᠶᠢᠨ 12 | ᠤᠨ ᠡᠳᠦᠷ ᠨᠢᠩᠰᠢᠶᠠ ᠮᠤᠵᠢ ᠶᠢ ᠡᠵᠡᠯᠡᠪᠡ᠂ ᠰᠡᠭᠦᠯᠡᠷ ᠢᠷᠭᠡᠨ ᠣᠯᠣᠰ ᠤᠨ ᠴᠡᠷᠢᠭ ᠵᠢᠢ ᠬᠤᠩ ᠴᠠᠩ ᠤᠨ ᠪᠦᠯᠦᠭ | ᠤᠨ ᠨᠡᠭᠡᠯᠳᠡ ᠲᠤᠤᠷ᠎ᠠ ᠦᠬᠠᠢ ᠣᠷᠣᠨ ᠢ ᠲᠠᠮᠵᠢᠵᠤ ᠪᠤᠷᠤ ᠲᠤᠬᠤᠢ ᠵᠦᠭ ᠢᠯᠡᠭ᠌ᠳᠠᠨ ᠲᠤᠳᠠᠭᠠᠪᠠ᠃ | ᠢᠷᠭᠡᠨ ᠤᠯᠤᠰ ᠤᠨ 19 ᠤᠨ ︵1930 ᠤᠨ︶ | ᠰᠦᠢ ᠶᠤᠸᠠᠨ ᠮᠤᠵᠢ ᠶᠢᠨ ᠵᠠᠰᠠᠭ ᠤᠨ ᠣᠷᠳᠣᠨ ᠠᠴᠠ ᠬᠠᠳᠣᠨ ᠭᠤᠤᠯ ᠠᠴᠠ ᠵᠡᠭᠦᠨᠰᠢ ᠤᠳᠤᠭ | ᠬᠤᠰᠢᠭᠤᠨ ᠤ ᠭᠠᠵᠠᠷ ᠤᠷᠤᠨ ᠳᠤ ᠸᠧ ᠶᠧ ᠶᠢᠨ ᠪᠠᠶᠢᠭᠤᠯᠤᠯᠳᠠ ᠶᠢᠨ ᠲᠤᠪᠴᠢᠶ᠎ᠠ ᠶᠢ ᠪᠠᠶᠢᠭᠤᠯᠵᠤ᠂ ᠰᠡᠭᠦᠯᠡᠷ ᠸᠧ | ᠶᠧ ᠰᠢᠶᠠᠨ ᠬᠡᠮᠡᠨ ᠬᠠᠯᠠᠪᠠ᠂ ᠤᠳᠤ ᠶᠢᠨ ᠬᠠᠶᠢᠷᠣᠪ ᠤᠨ ᠲᠤᠬᠤᠢ ᠣᠷᠣᠨ ᠢ ᠬᠠᠷᠢᠶᠠᠯᠠᠨ᠎ᠠ᠃ | ᠢᠷᠭᠡᠨ ᠤᠯᠤᠰ ᠤᠨ 23 ᠤᠨ ︵1934 ᠤᠨ︶ | 1 ᠰᠠᠷ᠎ᠠ ᠰᠦᠢ ᠶᠤᠸᠠᠨ ᠤ ᠪᠠᠷᠠᠭᠤᠨ ᠳᠤ ᠰᠠᠭᠤᠭ᠎ᠠ ᠰᠦᠨ ᠳ᠋ᠢᠶᠠᠨ ᠶᠢᠩ ᠤᠨ ᠵᠠᠬᠢᠷᠭ᠎ᠠ ᠶᠢᠨ 7 | ᠲᠦᠮᠨ ᠭᠠᠷᠣᠢ ᠬᠦᠮᠦᠨ ᠬᠠᠳᠣᠨ ᠭᠤᠤᠯ ᠤᠨ ᠬᠤᠶᠠᠷ ᠡᠷᠬᠢ ᠶᠢ ᠲᠠᠭᠠᠵᠤ ᠨᠢᠩᠰᠢᠶᠠ ᠶᠢ ᠲᠠᠭᠠᠷᠢᠨ ᠴᠤᠬᠢᠪᠠ᠃ | 12 ᠤᠨ ᠡᠳᠦᠷ ᠤᠨ ᠰᠦᠨᠢ᠂ ᠲᠡᠷᠢᠬᠦᠨ ᠳᠤ ᠶᠠᠪᠤᠭ᠎ᠠ ᠴᠡᠷᠢᠭ ᠠᠩᠬᠢ ᠨᠢ ᠳ᠋ᠧᠩᠺᠸᠣ ᠶᠢ ᠬᠡᠨᠡᠳᠡᠭᠦᠯᠦᠨ ᠴᠤᠬᠢᠵᠤ᠂ | 13 ᠤ ᠡᠳᠦᠷ ᠬᠤᠶᠠᠷ ᠵᠠᠮ ᠬᠤᠪᠢᠶᠠᠨ ᠱᠢ ᠽᠦᠢ ᠱᠠᠨ ᠢ ᠰᠢᠷᠦᠭᠦᠨ ᠲᠠᠭᠠᠷᠢᠪᠠ᠃ ᠫᠢᠩ ᠯᠦᠸᠧ᠂ ᠨᠢᠩᠰᠢᠶᠠ | ᠶᠢᠨ ᠮᠤᠵᠢ ᠶᠢᠨ ᠬᠤᠳᠠ ᠶᠢ ᠴᠤᠬᠢᠬᠤ ᠦᠶᠡᠰ᠂ ᠮᠠ ᠬᠤᠩ ᠺᠦᠢ᠂ ᠮᠠ ᠬᠤᠩ ᠪᠢᠨ᠂ ᠮᠠ ᠪᠦ᠋ ᠹᠠᠩ᠂ ᠮᠠ ᠪᠦ᠋ | ᠴᠢᠩ ᠤᠨ ᠬᠤᠯᠪᠤᠭᠠᠲᠤ ᠴᠡᠷᠢᠭ ᠲᠤ ᠪᠤᠳᠠ ᠴᠤᠬᠢᠭᠳᠠᠪᠠ᠃ 3 ᠰᠠᠷ᠎ᠠ ᠳᠤ᠂ ᠰᠦᠨ ᠳ᠋ᠢᠶᠠᠨ ᠶᠢᠩ ᠤᠨ | ᠦᠯᠡᠳᠡᠭᠰᠡᠨ ᠬᠤᠶᠠᠷ ᠲᠦᠮᠡ ᠭᠠᠷᠤᠢ ᠬᠦᠮᠦᠨ ᠱᠢ ᠽᠦᠢ ᠱᠠᠨ᠂ ᠦᠬᠠᠢ ᠪᠠᠷ ᠦᠩᠭᠡᠷᠡᠨ ᠰᠠᠨ ᠱᠧᠩ ᠬᠦᠩ | ᠤᠷᠴᠢᠮ ᠶᠠᠨ ᠰᠢ ᠱᠠᠨ ᠤ ᠴᠡᠷᠢᠭ ᠤᠨ ᠵᠠᠬᠢᠷᠭ᠎ᠠ ᠳᠤ ᠤᠷᠤᠪᠠ᠃ | ᠢᠷᠭᠡᠨ ᠤᠯᠤᠰ ᠤᠨ 26 ᠤᠨ ︵1937 ᠤᠨ︶ | ᠱᠢ ᠽᠦᠢ ᠱᠠᠨ ᠤ ᠬᠦᠷᠦᠩᠭᠡᠳᠡᠨ ᠴᠧᠨ ᠱᠦᠨ ᠴᠢ ᠶᠢᠨ ᠤᠳᠠ ᠳᠤ ᠨᠡᠭᠡᠭᠡᠭᠰᠡᠨ ᠴᠧᠨ ᠵᠢᠶᠠ ᠭᠸᠤ | ᠨᠡᠭᠦᠷᠡᠰᠦᠨ ᠠᠭᠤᠷᠬᠠᠢ ᠶᠢ ᠱᠢ ᠽᠦᠢ ᠱᠠᠨ ᠤ ᠲᠤᠮᠤ ᠭᠠᠵᠠᠷ ᠤᠨ ᠡᠵᠡᠨ ᠴᠧᠨ ᠿᠤ᠋ ᠯᠢᠨ ︵ᠬᠤᠴᠢ ᠨᠡᠷ᠎ᠡ ︽ | ᠶᠠᠳᠠᠭᠤ ᠬᠦᠮᠦᠨ ᠤ ᠡᠷᠯᠢᠭ ᠬᠠᠭᠠᠨ︾ ᠬᠡᠳᠡᠭ︶ ᠬᠢᠭᠡᠳ ᠢᠷᠭᠠᠢ ᠶᠢᠨ ᠴᠠᠭᠳᠠᠭᠠᠨ ᠲᠤᠪᠴᠢᠶᠠᠨ ᠤ ᠲᠦᠷᠪᠡᠳᠦᠭᠡᠷ | ᠬᠤᠪᠢᠶᠠᠷᠢ ᠲᠤᠪᠴᠢᠶᠠᠨ ᠤ ᠲᠤᠪᠴᠢᠶᠠᠨ ᠲᠠᠷᠤᠭ᠎ᠠ ᠰᠢᠦᠸᠡᠢ ᠰᠢᠨ ᠡᠤ ᠲᠤᠰᠴᠣ ᠡᠵᠡᠩᠨᠡᠪᠡ᠂ 1945 ᠣᠨ ᠳᠤ | ᠨᠡᠭᠡᠭᠡᠬᠦ ᠪᠠᠨ ᠵᠤᠭᠰᠣᠪᠠ᠃ | ▲ ᠤᠳᠠ ᠣᠷᠣᠨ ᠳᠤ ᠬᠤᠶᠠᠷ ᠨᠡᠭᠦᠷᠡᠰᠦᠨ ᠺᠤᠮᠫᠠᠨᠢ ᠪᠠᠶᠢᠪᠠ᠃ ᠨᠢᠭᠡ ᠨᠢ ᠮᠠ ᠬᠤᠩ ᠺᠦᠢ ᠶᠢᠨ ᠲᠦᠷᠪᠡᠳᠦᠭᠡᠷ | ᠪᠠᠭ᠎ᠠ ᠬᠠᠳᠣᠨ ᠯᠢᠦ ᠮᠤ᠋ ᠰᠢᠶᠠ ᠶᠢᠨ ᠡᠷᠬᠢᠯᠡᠭᠰᠡᠨ ᠨᠡᠭᠦᠷᠡᠰᠦᠨ ᠺᠤᠮᠫᠠᠨᠢ᠂ ᠬᠢᠬᠠᠯ ᠮᠦᠯᠵᠢᠯ ᠬᠡᠴᠡᠭᠦᠦ ᠠᠴᠠ ᠪᠤᠯᠵᠤ | ᠠᠭᠤᠷᠬᠠᠢ ᠶᠢᠨ ᠠᠵᠢᠯᠳᠠᠨ ᠣᠷᠢᠳ ᠬᠤᠵᠢᠳ ᠠᠭᠤᠷᠬᠠᠢ ᠠᠴᠠ ᠰᠠᠯᠤᠭᠰᠠᠨ ᠠᠴᠠ ᠨᠡᠭᠦᠷᠡᠰᠦᠨ ᠺᠤᠮᠫᠠᠨᠢ ᠪᠠᠨ | ᠲᠠᠷᠬᠠᠭᠠᠪᠠ᠃ ᠨᠦᠬᠦᠭᠡ ᠨᠢᠭᠡ ᠨᠢ ᠪᠤᠯ ᠠᠯᠠᠱᠠ ᠬᠤᠰᠢᠭᠤᠨ ᠤ ᠸᠠᠩ ᠨᠤᠶᠠᠨ ᠲᠠᠷᠢᠵᠢᠶᠠᠭᠠ ᠠᠴᠠ ᠭᠠᠵᠠᠷ ᠤᠨ | ᠳᠠᠷᠤᠭ᠎ᠠ ᠮᠤᠬᠤᠯᠠᠭ ︵ᠨᠦᠬᠦᠭᠡ ᠨᠡᠷ᠎ᠡ ᠯᠦᠸᠧ ᠶᠢ︶ ᠢ ᠲᠤᠮᠢᠯᠠᠠᠵᠤ ᠪᠠᠶᠢᠭᠤᠯᠤᠭᠰᠠᠨ ᠨᠡᠭᠦᠷᠡᠰᠦᠨ ᠺᠤᠮᠫᠠᠨᠢ | ᠪᠤᠯᠤᠨ᠎ᠠ᠂ ᠡᠵᠡᠩᠨᠡᠯᠲᠡ ᠨᠢ ᠪᠠᠷᠤᠭᠲᠠᠢ ᠪᠤᠯᠬᠤᠷ ᠡᠭᠦᠳᠡ ᠪᠠᠨ ᠬᠠᠭᠠᠪᠠ᠃ | ᠢᠷᠭᠡᠨ ᠤᠯᠤᠰ ᠤᠨ 29 ᠤᠨ ︵1940 ᠤᠨ︶ | ᠮᠠ ᠬᠤᠩ ᠺᠦᠢ ᠬᠢᠭᠡᠳ ᠲᠡᠭᠦᠨ ᠤ ᠬᠠᠭᠤᠷᠠᠢ ᠬᠦᠦ ᠯᠢ ᠹᠠᠩ ᠫᠦᠸᠧ ᠵᠢᠴᠢ ᠭᠤᠮᠢᠨᠳᠠᠩ ᠤᠨ ᠴᠡᠷᠢᠭ ᠤᠨ | ᠲᠡᠳ᠋ ᠨᠤᠶᠠᠨ ᠮᠢ ᠯᠢ ᠴᠢᠤᠸᠠᠨ ᠣᠳᠠ ᠶᠢᠨ ᠵᠢᠶᠤᠤ ᠽᠢ ᠭᠸᠤ ᠨᠡᠭᠦᠷᠡᠰᠦᠨ ᠠᠭᠤᠷᠬᠠᠢ ᠢ ᠬᠦᠴᠦᠷᠭᠡᠭᠯᠡᠨ ᠡᠵᠡᠯᠡᠪᠡ᠃ | ᠠᠵᠢᠯᠴᠢᠨ ᠬᠦᠯᠦᠰᠦᠯᠡᠭᠰᠡᠨ ᠤ ᠲᠠᠷᠠᠭ᠎ᠠ ᠤᠷᠢᠳᠠᠪᠡᠷ ᠠᠵᠢᠯᠴᠢᠨ ᠤ ︽ᠪᠡᠶ᠎ᠡ ᠶᠢᠨ ᠦᠨᠡᠮᠯᠡᠯ︾ ᠢ ᠬᠤᠷᠢᠶᠠᠨ ᠠᠪᠴᠤ | ᠲᠣᠳᠠᠭᠠᠬᠤ ᠠᠴᠠ ᠰᠡᠷᠭᠡᠶᠢᠯᠡᠪᠡ᠂ ᠰᠡᠭᠦᠯᠡᠷ ᠨᠢ ᠠᠵᠢᠯᠴᠢᠨ ᠤ ᠬᠦᠯᠦᠰᠦᠨ ᠵᠤᠭᠤᠰ ᠢ ᠬᠢᠮᠤᠰᠤᠯᠠᠪᠠ᠃ | ᠢᠷᠭᠡᠨ ᠤᠯᠤᠰ ᠤᠨ 30 ᠤᠨ ︵1942 ᠤᠨ︶ | ᠱᠢ ᠽᠦᠢ ᠱᠠᠨ ᠤ ᠬᠦᠷᠦᠩᠬᠡᠳᠡᠨ ᠭᠦᠸᠧ ᠵᠢᠶᠠ ᠰᠢᠶᠠᠨ ᠤᠳᠠ ᠶᠢᠨ ᠬᠤᠸᠠᠩ ᠪᠠᠢ ᠽᠢ ᠳᠤ ᠠᠭᠤᠷᠬᠠᠢ | ᠨᠡᠭᠡᠭᠡᠵᠦ ᠨᠡᠭᠦᠷᠡᠰᠦ ᠮᠠᠯᠲᠠᠪᠠ᠃ | ᠢᠷᠭᠡᠨ ᠤᠯᠤᠰ ᠤᠨ 31 ᠤᠨ ︵1943 ᠤᠨ︶ | 2 ᠰᠠᠷ᠎ᠠ ᠰᠦᠢ ᠶᠤᠸᠠᠨ ᠮᠤᠵᠢ ᠶᠢᠨ ᠪᠠᠷᠠᠭᠤᠨ ᠬᠡᠰᠡᠭ ᠲᠤ ᠬᠤᠯᠤᠭᠠᠨ᠎ᠠ ᠶᠢᠨ ᠬᠢᠵᠢᠭ ᠲᠡᠯᠭᠡᠷᠡᠵᠦ᠂ | ᠨᠢᠩᠰᠢᠶᠠ ᠶᠢᠨ ᠳ᠋ᠧᠩᠺᠸᠤ ᠰᠢᠶᠠᠨ ᠣᠷᠴᠢᠮ ᠬᠦᠷᠳᠡᠯ᠎ᠡ ᠲᠠᠷᠬᠠᠪᠠ᠃ ᠨᠢᠩᠰᠢᠶᠠ ᠮᠤᠵᠢ ᠠᠴᠠ ᠬᠢᠵᠢᠭ ᠰᠡᠷᠭᠡᠶᠢᠯᠡᠬᠦ | ᠵᠦᠪᠯᠡᠯ ᠪᠠᠶᠢᠭᠤᠯᠵᠤ᠂ ᠱᠢ ᠽᠦᠢ ᠱᠠᠨ᠂ ᠲᠤᠤ ᠯᠧ᠂ ᠳ᠋ᠧᠩᠺᠸᠤ ᠪᠤᠯᠤᠨ ᠳ᠋ᠢᠩ ᠶᠤᠸᠠᠨ ᠶᠢᠩ ᠣᠷᠴᠢᠮ ᠬᠦᠷᠬᠦ | ᠵᠠᠮ ᠬᠠᠷᠢᠯᠴᠠᠭ᠎ᠠ ᠶᠢ ᠲᠦᠷ ᠪᠢᠳᠡᠭᠦᠮᠵᠢᠯᠡᠪᠡ᠃ ᠬᠢᠵᠢᠭ ᠢ ᠴᠠᠭ ᠲᠤᠬᠠᠢ ᠳᠤᠨᠢ ᠰᠡᠷᠭᠡᠶᠢᠯᠡᠵᠦ᠂ ᠰᠦᠢ ᠶᠤᠸᠠᠨ ᠤ | ᠬᠢᠯᠢ ᠬᠢᠵᠠᠭᠠᠷ ᠢᠶᠠᠷ ᠬᠦᠮᠦᠨ ᠠᠮᠠ ᠴᠦᠬᠡᠨ ᠪᠠᠶᠢᠭᠰᠠᠨ ᠣᠴᠢᠷ ᠠᠴᠠ ᠤᠳᠠᠯ ᠦᠭᠡᠢ ᠬᠢᠵᠢᠭ ᠤᠨ ᠪᠠᠶᠢᠳᠠᠯ ᠢ | ᠡᠵᠡᠮᠳᠡᠪᠡ᠃ | ᠢᠷᠭᠡᠨ ᠤᠯᠤᠰ ᠤᠨ 32 ᠤᠨ ︵1944 ᠤᠨ︶ | ᠭᠠᠵᠠᠷ ᠰᠢᠨᠵᠢᠯᠡᠭᠡᠨ ᠤ ᠡᠷᠳᠡᠮᠳᠡᠨ ᠪᠢᠶᠠᠨ ᠵᠤᠤ ᠰᠢᠶᠠᠩ᠂ ᠡᠷᠳᠡᠨ ᠤ ᠠᠮᠢᠲᠤ ᠪᠤᠳᠠᠰ ᠤᠨ ᠡᠷᠳᠡᠮᠳᠡᠨ ᠯᠢ | ᠰᠢᠩ ᠰᠢᠦᠸᠡᠢ ᠬᠧ ᠯᠠᠨ ᠱᠠᠨ ᠠᠭᠤᠯᠠᠨ ᠳᠤ ᠬᠦᠷᠴᠦ ᠭᠠᠵᠠᠷ ᠰᠢᠨᠵᠢᠯᠡᠭᠡᠨ ᠤ ᠪᠠᠶᠢᠴᠠᠭᠠᠯᠳᠠ ᠬᠢᠵᠦ᠂ ᠭᠤᠤᠯᠳᠠᠭᠤ | ᠨᠡᠭᠦᠷᠡᠰᠦ ᠲᠡᠮᠦᠷ ᠤᠨ ᠲᠤᠬᠠᠢ ᠬᠠᠶᠢᠨ ᠪᠠᠶᠢᠴᠠᠭᠠᠯᠳᠠ ᠬᠢᠪᠡ᠃ | ▲ ᠿᠧᠨ ᠵᠢᠢ᠂ ᠬᠤ᠋ ᠽᠧᠩ ᠪᠢ ᠬᠤᠶᠠᠭᠤᠯᠠ ᠣᠷᠠᠨ ᠲᠦᠰᠢ ᠠᠭᠤᠯᠠᠨ ᠤ ᠤᠷᠢᠲᠤ ᠲᠠᠯ᠎ᠠ ᠶᠢᠨ ᠴᠠᠷᠢᠮ ᠤᠨ | ᠭᠤᠤᠯ ᠬᠢᠭᠡᠳ ᠯᠤᠭᠰᠢᠳᠣᠷ ᠬᠤᠶᠠᠷ ᠠᠭᠤᠷᠬᠠᠢ ᠶᠢᠨ ᠣᠷᠣᠨ ᠳᠤ ᠪᠠᠶᠢᠴᠠᠭᠠᠯᠳᠠ ᠬᠢᠪᠡ᠃ ︽ᠨᠡᠭᠦᠷᠡᠰᠦᠨ | ᠠᠭᠤᠷᠬᠠᠢ ᠶᠢᠨ ᠭᠠᠵᠠᠷ ᠰᠢᠨᠵᠢᠯᠡᠭᠡᠨ ᠤ ᠮᠡᠳᠡᠭᠦᠯᠦᠯᠳᠡ ᠶᠢᠨ ᠪᠢᠴᠢᠭ︾ ᠬᠡᠬᠦ ᠪᠦᠲᠦᠭᠡᠯ ᠢᠶᠠᠨ ︽ᠰᠢᠳᠠᠭᠠᠬᠤ | ᠪᠤᠳᠠᠰ ᠤᠨ ᠬᠤᠷᠢᠶᠠᠩᠭᠤᠢ ᠡᠮᠬᠢᠳᠬᠡᠯ︾ ᠤᠨ ᠨᠢᠭᠡᠳᠦᠭᠡᠷ ᠪᠤᠳᠢ ᠳᠤ ᠨᠡᠶᠢᠳᠡᠯᠡᠪᠡ᠃ | ᠢᠷᠭᠡᠨ ᠤᠯᠤᠰ ᠤᠨ 33 ᠤᠨ ︵1944 ᠤᠨ︶ | ᠾᠦᠸᠧ ᠱᠢ ᠰᠢᠶᠠᠩ ᠴᠠᠷᠢᠮ ᠤᠨ ᠭᠤᠤᠯ ᠣᠷᠴᠢᠮ ᠤᠨ ᠨᠡᠭᠦᠷᠡᠰᠦᠨ ᠠᠭᠤᠷᠬᠠᠢ ᠳᠤ ᠨᠠᠷᠢᠨ ᠬᠡᠮᠵᠢᠯᠳᠡ | ᠬᠢᠪᠡ᠃ | ᠢᠷᠭᠡᠨ ᠤᠯᠤᠰ ᠤᠨ 34 ᠤᠨ ︵1945 ᠤᠨ︶ | 10 ᠰᠠᠷ᠎ᠠ ᠠᠷᠠᠳ ᠤᠨ ᠴᠢᠯᠦᠭᠡᠯᠡᠬᠦ ᠴᠡᠷᠢᠭ ᠤᠨ ᠾᠧ ᠯᠦᠩ ᠤᠨ ᠵᠠᠬᠢᠷᠭ᠎ᠠ ᠠᠴᠠ ᠰᠦᠢ ᠶᠤᠸᠠᠨ᠂ | ᠪᠤᠭᠤᠲᠤ ᠳᠤ ᠬᠡᠳᠡᠷᠭᠦ ᠲᠠᠭᠠᠷᠢᠯᠳᠠ ᠬᠢᠪᠡ᠃ 11 ᠰᠠᠷ᠎ᠠ ᠳᠤ᠂ ᠨᠢᠩᠰᠢᠶᠠ ᠶᠢᠨ ᠮᠠ ᠬᠤᠩ ᠺᠦᠢ᠂ ᠮᠠ ᠴᠢᠤᠸᠠᠨ | ᠯᠢᠶᠠᠩ ᠢᠶᠠᠷ ᠮᠤᠷᠢᠲᠤ ᠴᠡᠷᠢᠭ ᠤᠨ ᠠᠷᠪᠠᠳᠤᠭᠠᠷ ᠪᠠᠷᠢᠭᠠᠳᠠ ᠶᠢᠨ 1600 ᠭᠠᠷᠣᠢ ᠬᠦᠮᠦᠨ ᠲᠠᠭᠠᠭᠤᠯᠵᠤ᠂ ᠦᠬᠠᠢ | ᠪᠠᠷ ᠦᠩᠭᠡᠷᠡᠨ ᠪᠤᠭᠤᠲᠤ ᠶᠢ ᠲᠤᠰᠠᠯᠠᠬᠤ ᠪᠠᠷ ᠮᠤᠷᠳᠠᠪᠠ᠂ ᠪᠤᠭᠤᠲᠤ ᠶᠢᠨ ᠪᠠᠷᠠᠭᠤᠨᠳᠡᠬᠢ ᠬᠤᠶᠠᠷᠬᠤᠳᠳᠤᠭ ᠲᠤ | ᠴᠢᠯᠦᠭᠡᠯᠡᠬᠦ ᠴᠡᠷᠢᠭ ᠤᠨ ᠲᠠᠭᠠᠷᠢᠯᠳᠠ ᠳᠤ ᠣᠴᠠᠷᠠᠵᠦ 100 ᠭᠠᠷᠣᠢ ᠬᠦᠮᠦᠨ ᠦᠬᠦᠵᠦ ᠰᠢᠷᠬᠠᠳᠣᠭᠠᠳ᠂ | ᠨᠢᠩᠰᠢᠶᠠ ᠳᠠᠭᠠᠨ ᠪᠤᠴᠠᠪᠠ᠃ | ᠢᠷᠭᠡᠨ ᠤᠯᠤᠰ ᠤᠨ 35 ᠤᠨ ︵1946 ᠤᠨ︶ | ᠠᠯᠠᠱᠠ ᠬᠤᠰᠢᠭᠤ ᠵᠡᠬᠦᠨᠪᠡᠯ ᠤᠨ ᠪᠠᠭ᠎ᠠ ᠶᠡᠷᠦᠩᠭᠡᠢ ᠬᠠᠮᠢᠶᠠᠷᠤᠭᠴᠢ ᠶᠠᠩ ᠪᠤᠤ ᠱᠠᠨ ᠢ ᠲᠤᠮᠢᠯᠡᠵᠤ᠂ ᠣᠳᠠ | ᠶᠢᠨ ᠨᠡᠭᠦᠷᠡᠰᠦᠨ ᠠᠭᠤᠷᠬᠠᠢ ᠶᠢ ᠲᠤᠰᠴᠤ ᠡᠵᠡᠩᠨᠡᠪᠡ᠃ | ᠢᠷᠭᠡᠨ ᠤᠯᠤᠰ ᠤᠨ 36 ᠤᠨ ︵1947 ᠤᠨ︶ | ᠶᠡᠭᠡ ᠭᠠᠩ ᠪᠤᠯᠵᠤ᠂ ᠨᠢᠴᠦᠭᠦᠨ ᠬᠦᠷᠦᠰᠦ ᠮᠢᠩᠭᠠᠨ ᠭᠠᠵᠠᠷ ᠦᠷᠬᠦᠯᠵᠢᠯᠡᠵᠦ᠂ ᠠᠳᠣᠭᠤ ᠮᠠᠯ ᠲᠤᠭ᠎ᠠ | ᠲᠤᠮᠰᠢ ᠦᠭᠡᠢ ᠦᠯᠪᠡᠷᠴᠦ ᠦᠬᠦᠪᠡ᠃ ᠠᠯᠠᠱᠠ ᠬᠤᠰᠢᠭᠤᠨ ︵ᠣᠳᠣ ᠶᠢᠨ ᠤᠳᠠ ᠶᠢ ᠬᠠᠷᠢᠶᠠᠯᠠᠨ᠎ᠠ︶ ᠳᠤ ᠬᠢᠵᠢᠭ | ᠲᠡᠯᠭᠡᠷᠡᠵᠦ᠂ ᠵᠠᠭᠤᠭᠠᠳ ᠬᠦᠮᠦᠨ ᠦᠬᠦᠪᠡ᠃ | ᠢᠷᠭᠡᠨ ᠤᠯᠤᠰ ᠤᠨ 37 ᠤᠨ ︵1948 ᠤᠨ︶ | 9 ᠰᠠᠷ᠎ᠠ ᠤᠮᠠᠷᠠᠲᠤ ᠶᠢᠨ ᠴᠢᠯᠦᠬᠡᠯᠡᠬᠦ ᠴᠡᠷᠢᠭ ᠶᠠᠩ ᠴᠧᠩ ᠡᠣ ᠶᠢᠨ ᠠᠷᠮᠠᠢ ᠯᠢᠶᠤᠤ ᠱᠧᠨ ᠤ | ᠲᠤᠯᠤᠯᠳᠤᠭᠠᠨ ᠢ ᠬᠠᠮᠵᠢᠯᠴᠠᠬᠤ ᠶᠢᠨ ᠲᠦᠯᠦᠭᠡ᠂ ᠪᠠᠷᠠᠭᠤᠨᠰᠢ ᠪᠠᠨ ᠮᠤᠷᠳᠠᠵᠦ ᠭᠦᠢ ᠰᠦᠢ᠂ ᠪᠤᠭᠤᠲᠤ ᠳᠤ ᠬᠦᠷᠴᠦ | ᠹᠦ᠋ ᠽᠦᠸᠧ ᠢ ᠶᠢᠨ ᠵᠠᠬᠢᠷᠭ᠎ᠠ ᠶᠢ ᠬᠤᠷᠢᠭᠯᠠᠪᠠ᠃ ᠮᠠ ᠬᠤᠩ ᠺᠦᠢ ᠵᠠᠷᠯᠢᠭ ᠢᠶᠠᠷ ᠲᠡᠭᠦᠨ ᠤ ᠴᠡᠭᠴᠡᠯᠡᠨ | ᠪᠠᠶᠢᠭᠤᠯᠤᠭᠰᠠᠨ ᠮᠤᠷᠢᠲᠤ ᠴᠡᠷᠢᠭ ᠤᠨ ᠠᠷᠪᠠᠳᠤᠭᠠᠷ ᠪᠷᠢᠭᠠᠳ᠋ ᠶᠢᠨ ᠲᠡᠳ᠋ ᠪᠷᠢᠭᠠᠳ᠋ ᠶᠢᠨ ᠲᠠᠷᠤᠭ᠎ᠠ ᠸᠠᠩ ᠪᠦᠸᠧ | ᠰᠢᠶᠠᠩ ᠢ ᠲᠤᠮᠢᠯᠠᠵᠤ᠂ ᠮᠤᠷᠢᠲᠤ ᠴᠡᠷᠢᠭ ᠤᠨ ᠠᠷᠪᠠᠨ ᠶᠢᠰᠣᠳᠦᠭᠡᠷ ᠮᠤᠷᠢᠲᠤ ᠴᠡᠷᠢᠭ ᠤᠨ ᠭᠤᠴᠢᠨ ᠲᠤᠯᠤᠳᠤᠭᠠᠷ | ᠬᠤᠷᠢᠶ᠎ᠠ ᠶᠢ ᠲᠠᠶᠢᠴᠢᠯᠠᠨ᠂ ᠪᠤᠭᠤᠲᠤ — ᠨᠢᠩᠰᠢᠶᠠ ᠶᠢᠨ ᠵᠠᠰᠠᠮᠠᠯ ᠵᠠᠮ ᠢ ᠲᠠᠭᠠᠵᠤ ᠦᠬᠠᠢ ᠪᠠᠷ ᠦᠩᠭᠡᠷᠡᠨ | ᠪᠤᠭᠤᠲᠤ ᠶᠢ ᠲᠤᠰᠠᠯᠠᠨ ᠲᠡᠮᠵᠢᠪᠡ᠃ | ᠢᠷᠭᠡᠨ ᠤᠯᠤᠰ ᠤᠨ 38 ᠤᠨ ︵1949 ᠤᠨ︶ | 8 ᠰᠠᠷ᠎ᠠ ᠶᠢᠨ 23 ᠤ ᠡᠳᠦᠷ ︽ᠣᠳᠤᠭ ᠬᠤᠰᠢᠭᠤ ᠶᠢ ᠴᠢᠯᠦᠬᠡᠯᠡᠬᠦ ᠡᠮᠦᠨ᠎ᠡ ᠹᠷᠤᠨᠲ ᠤᠨ | ᠵᠢᠯᠣᠭᠤᠳᠬᠤ ᠭᠠᠵᠠᠷ︾ ᠤᠨ ᠬᠠᠷᠢᠭᠤᠴᠠᠬᠤ ᠬᠦᠮᠦᠨ ᠵᠢᠶᠠ ᠸᠧᠨ ᠬᠤᠸᠠ ᠠᠴᠠ ᠬᠦᠬᠡᠪᠦᠷ ᠪᠤᠬᠠᠪᠤᠷ ᠲᠠᠯ᠎ᠠ ︵ | ᠤᠳᠤ ᠶᠢᠨ ᠴᠠᠭᠠᠨᠨᠠᠭᠤᠷ ᠰᠣᠮᠣ ᠰᠠᠶᠢᠬᠠᠨᠲᠠᠯ᠎ᠠ ᠭᠠᠴᠠᠭᠠᠨ ᠤ ᠬᠢᠯᠢ ᠳᠤ ᠪᠤᠢ︶ ᠳᠤ ᠣᠳᠤᠭ ᠬᠤᠰᠢᠭᠤᠨ ᠤ ᠠᠮᠤᠷ ᠢ | ᠬᠠᠮᠠᠭᠠᠯᠠᠬᠤ ᠠᠩᠬᠢ ᠶᠢᠨ 3 ᠰᠤᠮᠤᠨ ᠤ ᠵᠢᠷᠦᠮᠲᠦ ᠪᠣᠰᠣᠯᠭ᠎ᠠ ᠭᠠᠷᠭᠠᠨ ᠪᠠᠭᠤᠵᠤ ᠥᠭᠬᠦ ᠶᠢ ᠬᠦᠯᠢᠶᠡᠨ ᠠᠪᠤᠪᠠ᠃ | 9 ᠰᠠᠷ᠎ᠠ ᠶᠢᠨ 23 ᠤ ᠡᠳᠦᠷ ᠠᠯᠠᠱᠠ ᠬᠤᠰᠢᠭᠤᠨ ᠤ ᠵᠠᠰᠠᠭ᠂ ᠣᠷᠣᠨ ᠢ ᠬᠠᠮᠠᠭᠠᠯᠠᠬᠤ ᠰᠧᠯᠢᠩᠪᠦ᠋ | ᠶᠢᠨ ᠰᠧᠯᠢᠩ ᠲᠠᠷᠢᠵᠢᠶᠠᠭᠠ ᠭᠤᠮᠢᠨᠳᠠᠩ ᠤᠨ ᠵᠠᠰᠠᠭ ᠤᠨ ᠤᠷᠳᠤᠨ ᠲᠠᠢ ᠬᠠᠷᠢᠴᠠᠭ᠎ᠠ ᠲᠠᠰᠣᠷᠠᠬᠤ ᠪᠠᠨ ᠨᠡᠶᠢᠳᠡᠯᠡᠵᠦ᠂ | ᠠᠷᠠᠳ ᠤᠨ ᠵᠠᠰᠠᠭ ᠤᠨ ᠣᠷᠳᠣᠨ ᠤ ᠣᠳᠣᠷᠢᠳᠣᠯᠭ᠎ᠠ ᠶᠢ ᠬᠦᠯᠢᠶᠡᠪᠡ᠂ ᠠᠯᠠᠱᠠ ᠬᠤᠰᠢᠭᠤ ᠶᠢ ᠨᠠᠶᠢᠷᠠᠮᠳᠠᠯ ᠢᠶᠠᠷ | ᠴᠢᠯᠦᠭᠡᠯᠡᠪᠡ᠃ ᠣᠳᠣ ᠶᠢᠨ ᠣᠳᠠ ᠣᠷᠣᠨ ᠴᠦ ᠲᠠᠭᠠᠯᠳᠣᠨ ᠴᠢᠯᠦᠬᠡᠯᠡᠭᠳᠡᠪᠡ᠃ |