ᠶᠡᠷᠦᠩᠬᠡᠶ ᠱᠦᠵᠢ ᠰᠢ ᠶᠢᠨ ᠫᠢᠩ ᠤᠨ ᠭᠡᠷ ᠪᠦᠯᠢ ᠶᠢ ᠴᠢᠬᠤᠯᠠᠴᠢᠯᠠᠬᠤ᠂ ᠭᠡᠷ ᠤᠨ ᠰᠤᠷᠭᠠᠯ ᠢ | ᠴᠢᠬᠤᠯᠠᠴᠢᠯᠠᠬᠤ᠂ ᠭᠡᠷ ᠤᠨ ᠰᠤᠷᠲᠠᠯ ᠢ ᠴᠢᠬᠤᠯᠠᠴᠢᠯᠠᠬᠤ ᠲᠤᠬᠠᠶ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ | ᠭᠦᠨᠵᠡᠭᠡᠶ ᠰᠤᠷᠤᠯᠴᠠᠨ ᠲᠤᠤᠱᠯᠠᠭᠤᠯᠬᠤ ᠶᠢᠨ ᠲᠥᠯᠥᠭᠡ᠂ 8 ᠰᠠᠷ᠎ᠠ ᠶᠢᠨ 15 ᠤ ᠡᠳᠦᠷ᠂ ᠬᠤᠲᠠ ᠲᠣᠭᠤᠷᠢᠭ | ᠬᠤᠶᠠᠷ ᠱᠠᠲᠤᠨ ᠤ ᠡᠮᠡᠭᠲᠡᠶᠢᠴᠦᠳ ᠤᠨ ᠬᠤᠯᠪᠣᠭ᠎ᠠ ᠬᠠᠶᠢᠷᠤᠪ ᠤᠨ ᠲᠣᠬᠤᠢ ᠲᠣᠭᠤᠷᠢᠭ ᠤᠨ ᠯᠢᠨ ᠶᠢᠨ ᠵᠡᠭᠡᠯᠢ | ᠭᠤᠳᠤᠮᠵᠢ ᠶᠢᠨ ᠬᠠᠢ ᠰᠢᠨ ᠨᠡᠶᠢᠭᠡᠮ ᠲᠣᠭᠤᠷᠢᠭ ᠲᠤ ᠬᠦᠷᠴᠦ ︽ᠤᠯᠤᠰ ᠭᠡᠷ ᠤᠨ ᠬᠠᠶᠢᠷ᠎ᠠ | ᠰᠡᠳᠬᠢᠯᠭᠡ ᠶᠢ ᠪᠠᠳᠠᠷᠠᠭᠤᠯᠵᠤ᠂ ᠰᠢᠨ᠎ᠡ ᠴᠠᠭ ᠦᠶ᠎ᠡ ᠪᠠᠨ ᠮᠠᠭᠲᠠᠨ ᠰᠠᠶᠢᠰᠢᠶᠠᠶᠡ︾ ᠭᠡᠬᠦ ᠰᠡᠳᠦᠪᠲᠦ ᠭᠡᠷ ᠤᠨ | ᠰᠤᠷᠲᠠᠯ ᠰᠤᠷᠭᠠᠯ ᠢ ᠦᠨᠳᠦᠰᠦᠨ ᠱᠠᠲᠤᠨ ᠳᠤ ᠤᠬᠠᠭᠤᠯᠤᠨ ᠲᠠᠶᠢᠯᠪᠤᠷᠢᠯᠠᠬᠤ ᠪᠠ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ 70 ᠵᠢᠯ ᠤᠨ ᠣᠢ ᠶᠢ ᠪᠡᠯᠭᠡᠯᠡᠬᠦ ᠡᠮᠡᠭᠲᠡᠶᠢᠴᠦᠳ ᠤᠨ ᠶᠡᠭᠡ ᠤᠬᠠᠭᠤᠯᠤᠨ ᠲᠠᠶᠢᠯᠪᠤᠷᠢᠯᠠᠬᠤ | ᠠᠵᠢᠯᠯᠠᠭ᠎ᠠ ᠥᠷᠨᠢᠭᠦᠯᠪᠡ᠃ | ᠠᠵᠢᠯᠯᠠᠭ᠎ᠠ ᠶᠢᠨ ᠲᠤᠬᠠᠶ ᠶᠢᠨ ᠲᠠᠯᠠᠪᠠᠢ ᠳᠤ᠂ ᠪᠦᠬᠦ ᠤᠯᠤᠰ ᠤᠨ ᠲᠠᠪᠤᠨ ᠰᠠᠶᠢᠲᠠᠢ ᠭᠡᠷ ᠪᠦᠯᠢ ᠶᠢᠨ | ᠲᠥᠯᠥᠭᠡᠯᠡᠭᠴᠢ ᠮᠢᠶᠣᠣ ᠹᠧᠨ᠂ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠰᠠᠶᠢᠬᠠᠨ ᠭᠡᠷ ᠪᠦᠯᠢ ᠶᠢᠨ | ᠲᠥᠯᠥᠭᠡᠯᠡᠭᠴᠢ ᠯᠢᠦ ᠴᠦᠨ ᠶᠢᠩ ᠪᠣᠯᠤᠨ ᠬᠤᠲᠠ ᠶᠢᠨ ︽3 · 8︾ ᠤ ᠤᠯᠠᠭᠠᠨ ᠲᠤᠭᠴᠢ ᠭᠤᠤ ᠯᠢ ᠵᠡᠷᠭᠡ | ᠤᠬᠠᠭᠤᠯᠤᠨ ᠲᠠᠶᠢᠯᠪᠤᠷᠢᠯᠠᠬᠤ ᠭᠡᠰᠢᠭᠦᠳ ᠨᠢ ᠣᠯᠠᠨ ᠲᠠᠢ ᠥᠪᠡᠷ ᠤᠨ ᠭᠡᠷ ᠤᠨ ᠰᠤᠷᠲᠠᠯ ᠭᠡᠷ ᠤᠨ ᠰᠤᠷᠭᠠᠯ ᠤᠨ | ᠦᠯᠢᠭᠡᠷ ᠢᠶᠠᠨ ᠬᠤᠪᠢᠶᠠᠯᠴᠠᠪᠠ᠃ ᠤᠬᠠᠭᠤᠯᠤᠨ ᠲᠠᠶᠢᠯᠪᠤᠷᠢᠯᠠᠭᠴᠢ ᠡᠭᠡᠯ ᠪᠣᠷᠣᠭᠵᠢᠭᠤᠨ ᠦᠭᠡ ᠬᠡᠯᠡ ᠪᠠ ᠴᠢᠩ | ᠦᠨᠡᠨᠴᠢ ᠰᠡᠳᠬᠢᠯᠭᠡ ᠪᠠᠷ ᠡᠷ᠎ᠡ ᠡᠮ᠎ᠡ ᠬᠤᠶᠠᠭᠤᠯᠠ ᠶᠢᠨ ᠬᠠᠲᠠᠭᠤ ᠪᠡᠷᠬᠡᠰᠢᠶᠡᠯ ᠢ ᠬᠠᠮᠲᠤ ᠪᠠᠷ ᠳᠤᠭᠤᠯᠵᠤ᠂ | ᠦᠨᠡᠨᠴᠢ ᠪᠣᠷᠣᠭᠵᠢᠭᠤᠨ ᠪᠠ ᠬᠠᠮᠤᠭ ᠤᠨ ᠦᠨᠡᠨ ᠪᠣᠳᠠᠲᠠᠶ ᠵᠣᠯ ᠵᠢᠷᠭᠠᠯ ᠢ ᠡᠷᠬᠢᠮᠯᠡᠨ᠂ ᠡᠶ᠎ᠡ ᠵᠣᠬᠢᠴᠠᠯ ᠲᠠᠢ ᠵᠣᠯ | ᠵᠢᠷᠭᠠᠯᠲᠤ ᠭᠡᠷ ᠪᠦᠯᠢ ᠶᠢ ᠪᠠᠶᠢᠭᠤᠯᠵᠤ᠂ ᠡᠷ᠎ᠡ ᠡᠮ᠎ᠡ ᠡᠶ᠎ᠡ ᠡᠪᠲᠠᠢ᠂ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ | ᠬᠠᠶᠢᠷᠠᠯᠠᠬᠤ᠂ ᠰᠢᠨᠵᠢᠯᠡᠬᠦ ᠤᠬᠠᠭᠠᠨᠴᠢ ᠪᠠᠷ ᠬᠡᠦᠬᠡᠳ ᠢᠶᠠᠨ ᠰᠤᠷᠭᠠᠬᠤ᠂ ᠠᠵᠢᠯᠴᠢ ᠠᠷᠪᠢᠴᠢ ᠪᠠᠷ ᠠᠵᠤ ᠲᠦᠷᠦᠭᠦ | ᠳᠤᠮᠳᠠᠳᠤ ᠶᠢᠨ ᠤᠯᠠᠮᠵᠢᠯᠠᠯᠲᠤ ᠰᠠᠶᠢᠬᠠᠨ ᠰᠤᠷᠲᠠᠯ ᠢ ᠭᠦᠢᠴᠡᠳ ᠳᠡᠯᠭᠡᠨ ᠦᠵᠡᠭᠦᠯᠵᠦ᠂ ᠥᠷᠭᠡᠨ ᠣᠯᠠᠨ ᠭᠡᠷ ᠪᠦᠯᠢ | ᠰᠠᠶᠢᠨ ᠰᠠᠶᠢᠬᠠᠨ ᠶᠣᠰᠣ ᠮᠣᠷᠠᠯ ᠢ ᠤᠯᠠᠮᠵᠢᠯᠠᠨ ᠵᠠᠯᠭᠠᠮᠵᠢᠯᠠᠬᠤ ᠶᠢ ᠵᠣᠷᠢᠭᠵᠢᠭᠤᠯᠤᠨ᠂ ᠬᠠᠮᠲᠤ ᠪᠠᠷ ᠨᠡᠶᠢᠭᠡᠮ ᠤᠨ | ᠪᠣᠯᠪᠠᠰᠤᠨ ᠭᠡᠷ ᠣᠷᠣᠨ ᠢᠶᠠᠨ ᠪᠦᠲᠦᠭᠡᠨ ᠪᠠᠶᠢᠭᠤᠯᠬᠤ ᠶᠢ ᠵᠢᠯᠣᠭᠤᠳᠪᠠ᠃ | ᠠᠵᠢᠯᠯᠠᠭ᠎ᠠ ᠶᠢ ᠡᠷᠬᠢᠯᠡᠬᠦ ᠵᠣᠷᠢᠯᠭ᠎ᠠ ᠨᠢ ᠭᠡᠷ ᠤᠨ ᠰᠤᠷᠲᠠᠯ ᠢ ᠰᠠᠶᠢᠵᠢᠷᠠᠭᠤᠯᠬᠤ᠂ ᠭᠡᠷ ᠤᠨ ᠰᠤᠷᠭᠠᠯ ᠢ | ᠰᠠᠶᠢᠵᠢᠷᠠᠭᠤᠯᠬᠤ ᠴᠢᠬᠤᠯᠠ ᠴᠢᠨᠠᠷ ᠢ ᠪᠠᠳᠠᠷᠠᠭᠤᠯᠵᠤ᠂ ᠥᠷᠭᠡᠨ ᠣᠯᠠᠨ ᠡᠮᠡᠭᠲᠡᠶᠢᠴᠦᠳ ᠢ ᠳᠠᠶᠢᠴᠢᠯᠠᠨ ︽ | ᠬᠠᠮᠤᠭ ᠤᠨ ᠭᠤᠶᠤ ᠭᠡᠷ ᠪᠦᠯᠢ︾᠂ ︽ᠪᠣᠯᠪᠠᠰᠤᠨ ᠭᠡᠷ ᠪᠦᠯᠢ︾ ᠶᠢᠨ ᠰᠢᠷᠢᠰ ᠠᠵᠢᠯᠯᠠᠭ᠎ᠠ ᠳᠤ ᠢᠳᠡᠪᠬᠢᠲᠡᠢ | ᠣᠷᠣᠯᠴᠠᠭᠤᠯᠵᠤ᠂ ᠭᠡᠷ ᠪᠦᠯᠢ ᠶᠢᠨ ᠰᠠᠶᠢᠨ ᠰᠠᠶᠢᠬᠠᠨ ᠬᠡᠪ ᠰᠤᠷᠲᠠᠯ ᠢ ᠳᠡᠯᠭᠡᠨ ᠦᠵᠡᠭᠦᠯᠵᠦ᠂ ᠡᠷᠡᠭᠦᠯ ᠪᠣᠯᠪᠠᠰᠤᠨ | ᠭᠡᠷ ᠤᠨ ᠰᠤᠷᠲᠠᠯ ᠢ ᠪᠤᠶᠢᠵᠢᠭᠤᠯᠬᠤ ᠶᠢᠨ ᠲᠥᠯᠥᠭᠡ ᠶᠤᠮ᠃ |