ᠮᠣᠩᠭᠤᠯ ᠲᠤᠭᠤᠷᠭᠠᠲᠠᠨ ᠪᠢᠴᠢᠭ ᠰᠣᠶᠤᠯ ᠤᠨ ᠪᠠᠶᠠᠯᠢᠭ ᠥᠪ ᠲᠠᠢ᠃ ᠡᠭᠦᠨ ᠳᠤ ᠲᠥᠷᠦᠭᠡᠳᠦᠢ ᠬᠡᠦᠬᠡᠳ | ᠪᠡ ᠲᠡᠭᠦᠨ ᠤ ᠡᠭᠡ ᠶᠢ ᠠᠰᠠᠷᠠᠬᠤ ᠶᠣᠰᠤᠨ ᠠᠴᠠ ᠡᠬᠢᠯᠡᠭᠰᠡᠨ ᠦᠷ᠎ᠡ ᠬᠡᠦᠬᠡᠳ ᠢᠶᠠᠨ ᠥᠰᠭᠡᠨ ᠪᠣᠶᠢᠵᠢᠭᠤᠯᠵᠣ | ᠬᠥᠮᠦᠵᠢᠭᠦᠯᠦᠨ ᠰᠤᠷᠭᠠᠬᠤ ᠤᠯᠠᠮᠵᠢᠯᠠᠯᠲᠤ ᠵᠠᠩ ᠦᠢᠯᠡ ᠨᠢ ᠥᠪ ᠳᠡᠯᠭᠡᠷ ᠦᠨᠳᠦᠰᠦ ᠭᠦᠨ ᠢᠶᠠᠷ ᠦᠷ᠎ᠡ ᠶᠢᠨ ᠡᠬᠢ | ᠵᠠᠬ᠎ᠠ᠂ ᠡᠷᠡᠮᠪᠡ ᠳᠠᠷᠠᠭ᠎ᠠ ᠲᠠᠢ ᠦᠶ᠎ᠡ ᠤᠯᠠᠮᠵᠢᠯᠠᠨ ᠳᠠᠮᠵᠢᠭᠳᠠᠵᠤ ᠢᠷᠡᠭᠰᠡᠨ ᠢᠶᠠᠷ ᠢᠶᠠᠨ ᠮᠣᠩᠭᠤᠯ ᠰᠣᠶᠤᠯ ᠤᠨ ᠶᠡᠭᠡ | ᠭᠦᠢᠯᠭᠡᠭᠡᠨ ᠳᠠᠬᠢ ᠤᠤᠷ ᠬᠡᠪ ᠪᠣᠯᠤᠭᠰᠠᠭᠠᠷ ᠢᠷᠡᠵᠡᠢ᠃ | ᠮᠣᠩᠭᠤᠯᠴᠤᠳ ᠤᠯᠠᠮᠵᠢᠯᠠᠯᠲᠤ ᠵᠠᠩ ᠦᠢᠯᠡ ᠪᠠᠷ ᠬᠡᠦᠬᠡᠳ ᠢᠶᠠᠨ ᠬᠥᠮᠦᠵᠢᠭᠦᠯᠬᠦ ᠠᠵᠢᠯ ᠢ ᠬᠡᠦᠬᠡᠳ | ᠬᠡᠯᠡ ᠳᠤ ᠣᠷᠤᠵᠤ ᠮᠠᠳᠠᠭᠡᠵᠢᠬᠦ ᠠᠴᠠ ᠴᠢᠩᠭ᠎ᠠ ᠠᠳᠬᠤᠵᠥ᠂ ᠦᠭᠡ ᠪᠠᠷ ᠰᠤᠷᠭᠠᠬᠤ ᠪᠣᠯᠤᠨ ᠦᠯᠢᠭᠡᠷᠯᠡᠵᠦ | ᠰᠤᠷᠭᠠᠬᠤ ᠶᠢ ᠬᠤᠣᠰᠯᠠᠭᠤᠯᠤᠨ ᠬᠥᠮᠦᠨ ᠬᠥᠮᠦᠨ ᠢᠶᠠᠨ ᠬᠦᠨᠳᠦᠳᠭᠡᠨ ᠶᠠᠪᠤᠬᠤ᠂ ᠬᠥᠮᠦᠨ ᠬᠥᠮᠦᠨ ᠳᠡᠭᠡᠨ | ᠠᠴᠢᠯᠠᠵᠤ ᠲᠤᠰᠠᠯᠠᠵᠤ ᠶᠠᠪᠤᠬᠤ ᠪᠠᠷ ᠭᠤᠣᠯ ᠰᠢᠵᠢᠮ ᠪᠣᠯᠭᠠᠭᠰᠠᠨ ᠣᠯᠠᠨ ᠵᠦᠢᠯ ᠤᠨ ᠶᠣᠰᠤ ᠵᠠᠩᠰᠢᠯ ᠢ | ᠡᠵᠡᠮᠰᠢᠭᠦᠯᠦᠨ ᠲᠠᠳᠬᠠᠯᠵᠢᠭᠤᠯᠵᠤ ᠡᠳᠦᠷ ᠲᠤᠲᠤᠮ ᠤᠨ ᠠᠮᠢᠳᠤᠷᠠᠯ ᠳᠤᠮᠳᠠ ᠠᠶᠠᠨᠳᠠᠭᠠᠨ ᠵᠢᠷᠤᠮᠯᠠᠬᠤ ᠤᠬᠠᠮᠰᠠᠷᠲᠤ | ᠠᠵᠢᠯᠯᠠᠭ᠎ᠠ ᠪᠣᠯᠭᠠᠬᠤ ᠳᠠᠭᠠᠨ ᠥᠰᠦᠨ ᠪᠤᠶᠢᠵᠢᠬᠤ ᠱᠠᠳᠤ ᠬᠤᠭᠤᠴᠠᠭ᠎ᠠ᠂ ᠤᠬᠠᠭᠠᠵᠢᠨ ᠲᠣᠮᠤᠭᠠᠵᠢᠬᠤ ᠬᠢᠷᠢ | ᠲᠦᠪᠰᠢᠨ᠂ ᠨᠠᠰᠤ ᠵᠢᠯ ᠤᠨ ᠨᠡᠮᠡᠭᠳᠡᠯ ᠥᠰᠦᠯᠲᠡ ᠳᠤ ᠵᠣᠬᠢᠴᠠᠭᠤᠯᠤᠨ ᠣᠯᠠᠨ ᠨᠠᠷᠢᠨ ᠵᠠᠩ ᠦᠢᠯᠡ ᠶᠢ ᠵᠢᠭᠠᠵᠤ | ᠰᠤᠷᠭᠠᠳᠠᠭ᠃ ᠮᠣᠩᠭᠤᠯᠴᠤᠳ ᠤᠨ ᠦᠷ᠎ᠡ ᠬᠡᠦᠬᠡᠳ ᠢᠶᠠᠨ ᠬᠥᠮᠦᠵᠢᠭᠦᠯᠬᠦ ᠥᠪᠡᠷᠮᠢᠴᠡ ᠰᠢᠨᠵᠢᠲᠡᠢ ᠵᠠᠩ ᠵᠠᠩᠰᠢᠯ ᠨᠢ | ᠤᠯᠠᠮᠵᠢᠯᠠᠯᠲᠤ ᠭᠡᠷ ᠤᠨ ᠰᠤᠷᠭᠠᠯ ᠳᠤ ᠢᠯᠡᠷᠡᠵᠦ ᠪᠠᠶᠢᠳᠠᠭ᠃ | ᠨᠢᠭᠡ᠂ ᠮᠣᠩᠭᠤᠯᠴᠤᠳ ᠨᠡᠭᠦᠳᠡᠯᠴᠢᠨ ᠠᠶᠢᠮᠠᠭ ᠤᠨ ᠨᠢᠭᠡ ᠪᠣᠯᠤᠭᠰᠠᠨ ᠤ ᠬᠤᠪᠢ ᠳᠤ ᠲᠡᠭᠦᠨ ᠤ ᠣᠷᠴᠢᠨ | ᠠᠬᠤᠢ ᠶᠢᠨ ᠨᠥᠬᠦᠴᠡᠯ᠂ ᠠᠮᠢᠳᠤᠷᠠᠯ ᠤᠨ ᠵᠠᠩ ᠵᠠᠩᠰᠢᠯ ᠨᠢ ᠪᠤᠰᠤᠳ ᠦᠨᠳᠦᠰᠦᠲᠡᠨ ᠠᠴᠠ ᠬᠤᠯᠠ ᠣᠨᠳᠣᠣ | ᠪᠠᠶᠢᠳᠠᠭ᠃ ᠵᠥᠪᠬᠡᠨ ᠣᠷᠤᠨ ᠰᠠᠭᠤᠴᠠ ᠪᠠᠷ ᠠᠪᠴᠤ ᠬᠡᠯᠡᠬᠦ ᠳᠤ᠂ ᠮᠣᠩᠭᠤᠯᠴᠤᠳ ᠪᠣᠯ ᠴᠠᠭ ᠤᠯᠠᠷᠢᠯ ᠤᠨ | ᠡᠭᠡᠯᠵᠢ ᠳᠠᠷᠠᠭ᠎ᠠ᠂ ᠠᠭᠤᠷ ᠠᠮᠢᠰᠬᠤᠯ ᠤᠨ ᠬᠠᠯᠠᠭᠤᠨ ᠬᠦᠢᠲᠡᠨ᠂ ᠤᠰᠤ ᠪᠡᠯᠴᠢᠭᠡᠷ ᠤᠨ ᠲᠠᠴᠢᠷ ᠰᠠᠬᠤᠯᠠᠭ᠂ | ᠭᠠᠵᠠᠷ ᠤᠨ ᠪᠠᠶᠢᠴᠠ ᠶᠢᠨ ᠲᠡᠭᠰᠢ ᠲᠡᠨᠢᠭᠡᠷ ᠢ ᠦᠵᠡᠨ ᠨᠡᠭᠦᠳᠡᠯᠯᠡᠨ ᠮᠠᠯᠵᠢᠳᠠᠭ ᠲᠤᠯᠠ ᠥᠨᠦᠬᠡᠨ ᠪᠣᠯᠲᠠᠯ᠎ᠠ ᠣᠯᠠᠩᠬᠢ | ᠭᠠᠵᠠᠷ ᠨᠢ ᠲᠣᠭᠲᠠᠮᠠᠯ ᠣᠷᠤᠨ ᠰᠠᠭᠤᠴᠠ᠂ ᠪᠠᠶᠢᠩᠭᠤ ᠶᠢᠨ ᠭᠡᠷ ᠪᠠᠶᠢᠰᠢᠩ ᠦᠭᠡᠢ ᠪᠠᠶᠢᠪᠠ᠃ ᠭᠡᠪᠡᠴᠦ ᠲᠠᠳᠠ | ᠡᠷᠲᠡ ᠢᠵᠠᠭᠤᠷ ᠠᠴᠠ ᠴᠢᠭᠢᠷᠠᠭ ᠲᠣᠷᠨᠢᠭᠤᠨ ᠬᠡᠦᠬᠡᠳ ᠲᠠᠢ ᠪᠣᠯᠵᠤ ᠡᠷᠡᠭᠦᠯ ᠰᠠᠷᠠᠭᠤᠯ ᠥᠰᠭᠡᠨ ᠪᠣᠶᠢᠵᠢᠭᠤᠯᠬᠤ ᠶᠢ | ᠂ ᠣᠳᠤ ᠶᠢᠨ ᠦᠭᠡ ᠪᠠᠷ ᠬᠡᠯᠡᠪᠡᠯ ᠰᠠᠶᠢᠨ ᠲᠥᠷᠦᠵᠦ ᠰᠠᠶᠢᠬᠠᠨ ᠥᠰᠭᠡᠬᠦ ᠶᠢ ᠮᠠᠰᠢᠳᠠ ᠡᠷᠬᠢᠮᠯᠡᠵᠦ᠂ ᠲᠥᠷᠦᠭᠡᠳᠦᠢ | ᠬᠡᠦᠬᠡᠳ ᠪᠡ ᠲᠡᠭᠦᠨ ᠤ ᠡᠭᠡ ᠶᠢ ᠠᠰᠠᠷᠠᠬᠤ ᠶᠣᠰᠤᠨ ᠢ ᠠᠮᠢᠳᠤᠷᠠᠯ ᠠᠬᠤᠢ ᠶᠢᠨ ᠣᠷᠴᠢᠨ ᠲᠣᠭᠤᠷᠢᠨ᠂ | ᠦᠨᠳᠦᠰᠦᠲᠡᠨ ᠤ ᠵᠠᠩ ᠵᠠᠩᠰᠢᠯ ᠪᠡ ᠰᠢᠨᠵᠢᠯᠡᠬᠦ ᠤᠬᠠᠭᠠᠨᠴᠢ ᠶᠣᠰᠤ ᠵᠦᠢ ᠳᠤ ᠨᠡᠶᠢᠴᠡᠭᠦᠯᠥᠨ ᠲᠢᠭ ᠵᠢᠷᠤᠮ ᠲᠠᠢ | ᠭᠦᠢᠴᠡᠳᠭᠡᠵᠦ ᠪᠠᠶᠢᠳᠠᠭ᠃ | ᠬᠤᠶᠠᠷ᠂ ᠮᠣᠩᠭᠤᠯᠴᠤᠳ ᠦᠷ᠎ᠡ ᠬᠡᠦᠬᠡᠳ ᠪᠣᠯᠤᠭᠰᠠᠳ ᠢ ᠬᠦᠦ ᠬᠡᠦᠬᠡᠨ ᠭᠡᠰᠡᠨ ᠦᠭᠡᠢ ᠬᠤᠶᠠᠷ ᠦᠭᠡᠢ | ᠪᠤᠳᠤᠵᠤ ᠬᠤᠯᠢᠭᠠ ᠦᠭᠡᠢ ᠬᠠᠶᠢᠷᠠᠯᠠᠵᠥ ᠰᠠᠨᠠᠳᠠᠭ ᠲᠤᠯᠠ ︽ᠡᠷᠡᠭᠲᠡᠢ ᠶᠢ ᠬᠦᠨᠳᠦᠳᠭᠡᠵᠦ ᠡᠮᠡᠭᠲᠡᠢ ᠶᠢ | ᠬᠥᠩᠭᠡᠪᠴᠢᠯᠡᠬᠦ︾ ᠥᠷᠦᠭᠡᠯ ᠦᠵᠡᠯ ᠨᠠᠵᠠᠭᠠᠢ ᠪᠣᠳᠤᠯ ᠤᠨ ᠮᠥᠷ ᠰᠡᠭᠦᠳᠡᠷ ᠭᠡᠵᠦ ᠪᠠᠶᠢᠳᠠᠭ ᠦᠭᠡᠢ᠂ ᠬᠠᠷᠢᠨ ᠪᠡᠶ᠎ᠡ | ᠰᠡᠳᠭᠢᠯ ᠤᠬᠠᠭᠠᠨ ᠪᠣᠳᠤᠯ ᠵᠡᠷᠭᠡ ᠪᠦᠬᠦ ᠲᠠᠯ᠎ᠠ ᠪᠠᠷ ᠬᠥᠮᠦᠵᠢᠭᠦᠯᠦᠨ ᠰᠤᠷᠭᠠᠬᠤ ᠳᠠᠭᠠᠨ ᠬᠦᠦ ᠬᠡᠦᠬᠡᠨ ᠢ ᠨᠢᠭᠡ ᠯᠠ | ᠠᠳᠠᠯᠢ ᠪᠤᠳᠤᠵᠤ᠂ ᠦᠨᠳᠦᠰᠦᠲᠡᠨ ᠤ ᠥᠪᠡᠷᠮᠢᠴᠡ ᠣᠨᠴᠠᠯᠢᠭ ᠢᠶᠠᠷ ᠢᠶᠠᠨ ᠠᠯᠠᠭᠠᠰᠠᠯ ᠦᠭᠡᠢ ᠰᠤᠷᠭᠠᠭᠰᠠᠭᠠᠷ | ᠢᠷᠡᠵᠡᠢ᠃ | ᠭᠤᠷᠪᠠ᠂ ᠮᠣᠩᠭᠤᠯᠴᠤᠳ ᠬᠦᠦ ᠬᠡᠦᠬᠡᠨ ᠢ ᠢᠯᠭᠠᠭ᠎ᠠ ᠦᠭᠡᠢ ᠦᠵᠡᠳᠡᠭ ᠲᠤᠯᠠ ᠥᠬᠢᠨ ᠲᠠᠢ ᠪᠣᠯᠤᠭᠰᠠᠨ | ᠡᠬᠡᠨᠡᠷ ᠪᠡᠷᠢᠶᠡᠳ ᠢ ︽ᠦᠷ᠎ᠡ ᠦᠨᠳᠦᠰᠦ ᠶᠢ ᠲᠠᠰᠤᠯᠵᠤ ᠭᠠᠯ ᠭᠤᠯᠤᠮᠲᠠ ᠬᠠᠷᠠᠯᠠᠭᠤᠯᠤᠯᠠ︾ ᠭᠡᠵᠦ ᠠᠳᠠ ᠦᠵᠡᠨ | ᠬᠠᠷᠢᠶᠠᠨ ᠵᠦᠭᠡᠵᠤ ᠴᠣᠬᠢᠵᠤ ᠬᠠᠤᠯᠢᠳᠠᠠ ᠲᠠᠷᠴᠢᠯᠠᠭᠠᠨ ᠵᠣᠪᠠᠭᠠᠳᠠᠭ ᠦᠭᠡᠢ᠂ ᠬᠠᠷᠢᠨ ᠬᠦᠦ ᠲᠠᠢ ᠪᠣᠯᠤᠭᠰᠠᠨ ᠡᠬᠡᠨᠡᠷ | ᠪᠡᠷᠢᠶᠡᠳ ᠲᠠᠢ ᠪᠠᠨ ᠨᠢᠭᠡᠨ ᠠᠳᠠᠯᠢ ᠲᠡᠳᠡᠨ ᠢ ᠠᠰᠠᠷᠠᠵᠤ ᠰᠤᠪᠢᠯᠠᠨ ᠰᠠᠷ᠎ᠠ ᠳᠦᠭᠦᠷᠭᠡᠵᠦ᠂ ᠤᠯᠠᠮᠵᠢᠯᠠᠯ | ᠤᠳᠤᠮᠰᠢᠯ ᠤᠨ ᠪᠠᠶᠠᠷ ᠨᠠᠶᠢᠷ ᠢᠶᠠᠨ ᠬᠢᠵᠦ᠂ ᠭᠡᠷ ᠪᠦᠯᠢ ᠳᠡᠭᠡᠨ ᠮᠥᠨ ᠡᠵᠡᠭᠲᠡᠢ ᠬᠡᠪ ᠢᠶᠠᠷ ᠠᠪᠴᠤ ᠶᠠᠪᠤᠳᠠᠭ᠃ | ᠥᠬᠢᠨ ᠦᠷ᠎ᠡ ᠶᠢ ᠵᠢᠭᠰᠢᠨ ᠭᠤᠯᠤᠵᠤ ᠬᠠᠶᠠᠵᠤ ᠣᠷᠬᠢᠬᠤ ᠶᠠᠪᠤᠳᠠᠯ ᠢ ᠦᠢᠯᠡᠳᠳᠡᠭ ᠦᠭᠡᠢ᠂ ᠬᠠᠷᠢᠨ | ᠬᠦᠦ ᠲᠠᠢ ᠪᠠᠨ ᠠᠳᠠᠯᠢ ᠰᠠᠨᠠᠵᠤ ᠰᠠᠷᠪᠠᠶᠢᠨ ᠭᠡᠷ ᠤᠨ ᠡᠵᠡᠨ ᠪᠣᠯᠭᠠᠨ ᠬᠥᠮᠦᠵᠢᠭᠦᠯᠳᠡᠭ᠃ | ᠳᠥᠷᠪᠡ᠂ ᠡᠷ᠎ᠡ ᠨᠥᠬᠦᠷ ᠨᠢ ᠡᠪᠡᠳᠴᠢᠨ ᠡᠮᠭᠡᠭ᠂ ᠠᠶᠤᠯ ᠠᠳᠠᠯ ᠠᠴᠠ ᠪᠣᠯᠵᠤ ᠵᠠᠯᠠᠭᠤ ᠵᠠᠭᠤᠷᠮᠠᠭ | ᠨᠠᠰᠤᠯᠠᠭᠰᠠᠨ ᠪᠠᠶᠢᠪᠠᠯ ᠪᠠᠷᠢ ᠨᠢ ᠵᠠᠪᠠᠯ ᠴᠢᠩ ᠵᠢᠷᠤᠮ ᠢ ᠰᠠᠬᠢ ᠭᠡᠵᠦ ᠠᠯᠪᠠᠳᠠᠨ ᠴᠠᠭᠠᠵᠠᠯᠠᠵᠤ ᠴᠠᠯ ᠵᠠᠯᠠᠭᠤ ᠪᠠᠷ ᠨᠢ | ᠨᠠᠰᠤᠨ ᠤ ᠪᠡᠯᠪᠡᠰᠦᠨ ᠪᠣᠯᠭᠠᠳᠠᠭ ᠦᠭᠡᠢ᠃ ᠬᠠᠷᠢᠨ ᠵᠠᠩᠰᠢᠯ ᠶᠣᠰᠤᠨ ᠤ ᠭᠠᠰᠢᠭᠤᠳᠠᠯ ᠪᠡᠯᠪᠡᠰᠦᠷᠡᠯ ᠤᠨ | ᠬᠤᠭᠤᠴᠠᠭ᠎ᠠ ᠳᠠᠭᠤᠰᠪᠠᠯ ᠥᠪᠡᠷ ᠤᠨ ᠳᠤᠷᠠᠰᠢᠯ ᠪᠤᠶᠤ ᠲᠥᠷᠬᠦᠮ ᠤᠨ ᠵᠢᠭᠠᠪᠤᠷᠢ ᠵᠢᠭᠠᠯᠲᠠ ᠪᠠᠷ ᠵᠢᠯᠢᠭᠴᠢ ︵ | ᠦᠬᠦᠵᠦ ᠠᠳᠡᠭᠰᠡᠨ ᠡᠷ᠎ᠡ ᠨᠥᠬᠦᠷ︶ ᠶᠢᠨ ᠠᠬ᠎ᠠ ᠪᠤᠶᠤ ᠳᠡᠭᠦᠦ ᠲᠠᠢ ᠨᠢ ᠵᠠᠯᠭᠠᠵᠤ ᠰᠠᠭᠤᠬᠤ᠂ ᠡᠰᠡᠬᠦᠯ᠎ᠡ ᠥᠭᠡᠷ᠎ᠡ | ᠪᠤᠰᠤᠳ ᠲᠠᠢ ᠬᠤᠷᠢᠮᠯᠬᠠᠤ ᠶᠢ ᠵᠥᠪᠰᠢᠶᠡᠷᠡᠬᠦ ᠪᠠᠷ ᠥᠯᠦ ᠪᠠᠷᠠᠨ ᠤᠤᠯ ᠤᠨ ᠬᠠᠳᠠᠮ ᠤᠨ ᠭᠡᠷ ᠠᠴᠠ ᠨᠢ ᠥᠬᠢᠨ ᠢᠶᠠᠨ | ᠰᠢᠭ ᠮᠣᠷᠳᠠᠭᠤᠯᠵᠤ ᠬᠦᠷᠭᠡᠳᠡᠭ ᠵᠠᠩᠰᠢᠯ ᠲᠠᠢ᠃ | ᠲᠠᠪᠤ᠂ ᠮᠣᠩᠭᠤᠯᠴᠤᠳ ᠥᠪᠡᠷ ᠤᠨ ᠪᠡᠶ᠎ᠡ ᠶᠢ ᠲᠥᠷᠦᠵᠦ ᠥᠰᠭᠡᠭᠰᠡᠨ ᠠᠪᠤ ᠡᠵᠢ ᠪᠠᠨ ᠠᠮᠢ ᠭᠤᠣᠯ ᠠᠯᠢ | ᠪᠦᠬᠦᠨ ᠠᠴᠠ ᠡᠷᠬᠢᠮ ᠳᠡᠭᠡᠳᠦ ᠪᠠᠷ ᠦᠵᠡᠵᠦ᠂ ᠬᠡᠳᠦᠢ ᠥᠨᠳᠦᠷ ᠨᠠᠰᠤᠯᠠᠵᠤ ᠬᠡᠴᠢᠨᠡᠨ ᠶᠡᠭᠡ ᠵᠡᠷᠭᠡ ᠬᠡᠷᠭᠡᠮ ᠲᠠᠢ | ᠪᠣᠯᠤᠭᠰᠠᠨ ᠴᠤ ᠠᠪᠤ ᠡᠵᠢ ᠶᠢᠨ ᠡᠨᠡᠷᠢᠯ ᠬᠠᠶᠢᠷ᠎ᠠ ᠶᠢ ᠢᠮᠠᠭᠲᠠ ᠮᠠᠷᠲᠠᠯ ᠦᠭᠡᠢ ᠰᠠᠨᠠᠭᠠᠯᠵᠠᠨ ︽ᠳᠡᠭᠡᠲᠡᠢ ᠪᠠᠨ | ᠰᠠᠭᠤᠯᠭᠠᠵᠤ᠂ ᠳᠡᠭᠡᠵᠢ ᠪᠠᠨ ᠡᠷᠭᠦᠨ ᠪᠠᠷᠢᠵᠤ︾ ᠠᠰᠠᠷᠠᠨ ᠬᠦᠨᠳᠦᠯᠡᠳᠡᠭ ᠪᠡ ᠨᠠᠩ ᠦᠳᠡᠯᠡᠬᠦ ᠶᠢᠨ ᠦᠵᠦᠭᠦᠷ | ᠦᠷ᠎ᠡ ᠬᠡᠦᠬᠡᠳ ᠤᠨ ᠰᠠᠶᠢᠨ ᠢ ᠦᠵᠡᠭᠦᠯᠵᠦ᠂ ᠠᠯᠢ ᠳᠤᠷᠠᠲᠠᠢ ᠢᠳᠡᠭᠡᠨ ᠤᠮᠳᠠᠭᠠᠨ ᠢ ᠨᠢ ᠠᠮᠲᠠ ᠰᠢᠮᠳᠠ ᠲᠠᠢ | ᠬᠢᠵᠦ ᠢᠳᠡᠭᠦᠯᠦᠨ ᠲᠡᠳᠡᠨ ᠤ ᠰᠠᠨᠠᠵᠤ ᠪᠣᠳᠤᠭᠰᠠᠨ ᠢ ᠰᠠᠨᠠᠭᠠᠨ ᠶᠣᠰᠤᠭᠠᠷ ᠨᠢ ᠭᠦᠢᠴᠡᠳᠭᠡᠨ ᠪᠡᠶᠡᠯᠡᠭᠦᠯᠵᠦ᠂ ᠠᠪᠤ | ᠡᠵᠢ ᠳᠡᠭᠡᠨ ᠠᠮᠤᠷ ᠵᠢᠷᠭᠠᠯ ᠢ ᠡᠳ᠋ᠯᠡᠭᠦᠯᠵᠦ ᠪᠠᠶᠢᠳᠠᠭ᠃ ᠡᠭᠦᠨ ᠢᠶᠠᠷ ᠪᠠᠷᠠᠬᠤ ᠦᠭᠡᠢ ᠠᠶᠢᠯ ᠠᠶᠢᠮᠠᠭ ᠤᠨ ᠠᠬᠠᠮᠠᠳ | ᠨᠠᠰᠤᠲᠠᠨ ᠠᠬᠠᠰ ᠵᠠᠬᠠᠰ ᠢ ᠴᠤ ᠬᠦᠨᠳᠦᠯᠡᠨ ᠲᠡᠳᠡᠨ ᠤ ᠨᠡᠷ᠎ᠡ ᠶᠢ ᠴᠡᠭᠡᠷᠯᠡᠳᠡᠭ ᠪᠡ ᠵᠠᠮ ᠮᠥᠷ ᠲᠤ ᠤᠴᠠᠷᠠᠭᠰᠠᠨ | ᠠᠬᠠᠮᠠᠳ ᠨᠠᠰᠤᠲᠠᠨ ᠠᠬᠠᠰ ᠵᠠᠬᠠᠰ ᠲᠠᠢ ᠲᠤᠳᠤᠨᠤᠰᠠᠭ ᠢᠶᠠᠷ ᠮᠡᠨᠳᠦᠴᠢᠯᠡᠨ ᠮᠣᠷᠢ ᠤᠨᠤᠭᠠᠨ ᠠᠴᠠ ᠪᠠᠨ ᠪᠠᠭᠤᠵᠤ ᠵᠠᠮ | ᠲᠠᠯᠪᠢᠨ ᠥᠭᠴᠦ ᠪᠠᠶᠢᠳᠠᠭ᠃ ᠶᠠᠭ ᠡᠶᠢᠮᠦ ᠪᠠᠷ ᠢᠶᠠᠨ ᠮᠣᠩᠭᠤᠯ ᠨᠤᠲᠤᠭ ᠲᠤ ᠠᠪᠤ ᠡᠵᠢ ᠪᠠᠨ ᠠᠲᠠᠨ ᠦᠵᠡᠵᠦ᠂ | ᠥᠲᠡᠯᠵᠦ ᠮᠤᠨᠤᠬᠤ ᠪᠤᠶᠤ ᠡᠪᠡᠳᠴᠦ ᠵᠣᠪᠠᠭᠠᠳ ᠴᠢᠳᠠᠯ ᠪᠢᠷ᠎ᠠ ᠦᠭᠡᠢ ᠪᠣᠯᠬᠤ ᠦᠶ᠎ᠡ ᠳᠤ ︽ᠶᠠᠷᠰᠢᠭ ᠲᠦᠪᠡᠭ︾᠂ | ︽ᠲᠡᠭᠡᠭᠡᠷ᠎ᠡ ᠳᠠᠷᠤᠭᠠᠰᠤ︾ ᠭᠡᠵᠦ ᠦᠵᠡᠨ ᠲᠠᠨᠢᠵᠤ ᠮᠡᠳᠡᠬᠦ ᠦᠭᠡᠢ ᠬᠥᠮᠦᠨ ᠶᠤᠮ ᠰᠢᠭ ᠬᠠᠶᠠᠵᠤ᠂ ᠣᠷᠤᠬᠤ ᠭᠡᠷ | ᠣᠭᠤᠴᠢᠬᠤ ᠠᠶᠠᠭ᠎ᠠ ᠦᠭᠡᠢ᠂ ᠠᠶᠢᠯ ᠤᠨ ᠪᠤᠯᠠᠢ᠂ ᠨᠠᠶᠢᠭᠡᠮ ᠤᠨ ᠳᠠᠷᠤᠭᠠᠰᠤ ᠪᠣᠯᠭᠠᠳᠠᠭ ᠦᠭᠡᠢ᠃ ᠨᠠᠩ ᠠᠷᠪᠠ | ᠲᠠᠪᠤᠨ ᠬᠡᠦᠬᠡᠳ ᠲᠠᠢ ᠪᠠᠶᠢᠲᠠᠯ᠎ᠠ ᠠᠪᠤ ᠡᠵᠢ ᠪᠠᠨ ᠠᠪᠬᠤ ᠬᠥᠮᠦᠨ ᠦᠭᠡᠢ᠂ ᠲᠡᠵᠢᠭᠡᠬᠦ ᠬᠡᠦᠬᠡᠳ ᠦᠭᠡᠢ ᠶᠠᠷᠢᠶ᠎ᠠ | ᠬᠡᠯᠡᠯᠴᠡᠭᠡᠨ ᠤ ᠵᠢᠮᠡᠯᠡᠯ ᠬᠠᠤᠯᠢ ᠴᠠᠭᠠᠵᠠ ᠶᠢᠨ ᠠᠯᠪᠠᠳᠠᠯᠭ᠎ᠠ ᠪᠠᠷ ᠰᠠᠶᠢ ᠬᠡᠳᠦᠨ ᠵᠣᠭᠤᠰ ᠳᠤᠷ᠎ᠠ ᠮᠠᠭᠤᠲᠠᠶᠢᠬᠠᠨ | ᠥᠭᠴᠦ᠂ ᠡᠴᠢᠭᠡ ᠡᠭᠡ ᠪᠠᠨ ᠭᠤᠮᠤᠳᠠᠭᠠᠵᠤ ᠪᠠᠶᠢᠭ᠎ᠠ ᠶᠠᠪᠤᠳᠠᠯ ᠦᠭᠡᠢ᠃ ᠬᠠᠷᠢᠨ ᠮᠣᠩᠭᠤᠯᠴᠤᠳ ᠤᠨ ᠳᠤᠮᠳᠠ | ᠠᠪᠤ ᠡᠵᠢ ᠶᠢᠨ ᠠᠴᠢ ᠡᠨᠡᠷᠢᠯ ᠢ ᠮᠠᠭᠲᠠᠨ ᠳᠠᠭᠤᠯᠠᠭᠰᠠᠨ ᠳᠠᠭᠤᠤ ᠰᠢᠯᠦᠭ᠂ ᠬᠤᠯᠪᠤᠭ᠎ᠠ ᠠᠯᠢ ᠣᠯᠠᠨ ᠪᠠᠶᠢᠳᠠᠭ ᠢ | ᠳᠤᠷᠠᠳᠤᠯᠲᠠᠢ ᠪᠠᠶᠢᠨ᠎ᠠ᠃ | ᠵᠢᠷᠭᠤᠭ᠎ᠠ᠂ ᠪᠤᠰᠤᠳ ᠢ ᠳᠡᠮᠵᠢᠨ ᠲᠤᠰᠠᠯᠠᠵᠤ ᠰᠠᠶᠢᠨ ᠶᠠᠪᠤᠳᠠᠯ ᠬᠢᠬᠦ ᠪᠠᠷ ᠵᠢᠷᠭᠠᠯ ᠢᠶᠠᠨ ᠪᠣᠯᠭᠠᠳᠠᠭ ᠰᠠᠶᠢᠨ | ᠰᠠᠶᠢᠬᠠᠨ ᠵᠠᠩᠰᠢᠯ ᠨᠢ ᠮᠣᠩᠭᠤᠯ ᠦᠨᠳᠦᠰᠦᠲᠡᠨ ᠡᠰᠡᠨᠢᠨ ᠮᠡᠨᠳᠦᠯᠡᠭᠰᠡᠨ ᠲᠡᠷᠡ ᠴᠠᠭ ᠠᠴᠠ ᠡᠬᠢᠯᠡᠯᠲᠡ ᠲᠠᠢ᠃ | ᠡᠪᠴᠢᠭᠦᠦ ᠲᠤᠯᠤᠭᠰᠠᠨ ᠴᠠᠯ ᠪᠤᠭᠤᠷᠤᠯ ᠰᠠᠬᠠᠯ ᠢᠶᠠᠨ ᠬᠡᠶᠢᠰᠭᠡᠵᠥ᠂ ᠮᠠᠶᠢᠭ ᠣᠷᠤᠭᠰᠠᠨ ᠬᠥᠯ ᠢᠶᠠᠨ ᠳᠤᠶᠢᠭ | ᠭᠠᠷᠤᠭᠰᠠᠨ ᠲᠠᠶᠠᠭ ᠲᠠᠭᠠᠨ ᠨᠠᠶᠢᠳᠠᠭᠰᠠᠨ ᠥᠨᠳᠦᠷ ᠨᠠᠰᠤᠲᠠᠨ ᠣᠮᠪᠤᠯᠤ ᠪᠠᠨ ᠳᠠᠭᠠᠭᠤᠯᠤᠨ ᠵᠠᠮ ᠤᠨ ᠬᠤᠪᠬᠢᠯ ᠳᠠᠬᠢ | ᠴᠢᠯᠠᠭᠤ ᠮᠣᠳᠤ ᠶᠢ ᠵᠠᠶᠢᠯᠠᠭᠤᠯᠵᠥ ᠬᠠᠶᠠᠨ ᠠᠮᠠᠨ ᠳᠠᠭᠠᠨ ︽ᠪᠤᠶᠠᠨ ᠪᠣᠯᠤᠭ︾ ᠭᠡᠵᠦ ᠲᠥᠳᠦᠨᠡᠭᠰᠡᠨ ᠦᠵᠡᠭᠳᠡᠯ᠂ | ᠵᠢᠪᠠᠷ ᠪᠠᠷᠢᠨ ᠢᠯᠦᠭᠰᠡᠨ ᠪᠤᠶᠤ ᠰᠢᠭᠤᠷᠭ᠎ᠠ ᠳᠠᠭᠠᠨ ᠤᠷᠤᠭᠤᠳᠠᠭᠰᠠᠨ ᠮᠠᠯ ᠰᠦᠷᠦᠭ ᠢ ᠬᠠᠰᠢᠨ ᠬᠤᠮᠢᠵᠤ ᠠᠶᠢᠯ | ᠡᠵᠡᠨ ᠳᠤᠨᠢ ᠵᠣᠯᠭᠠᠭᠤᠯᠵᠤ ᠪᠠᠶᠢᠭ᠎ᠠ ᠤᠴᠢᠷ᠂ ᠬᠤᠳᠳᠤᠭ ᠤᠰᠤᠨ ᠳᠡᠭᠡᠷ᠎ᠡ ᠢᠷᠡᠭᠰᠡᠨ ᠮᠠᠯ ᠢ ᠡᠪᠦᠯ ᠤᠨ | ᠬᠦᠢᠲᠡᠨ ᠳᠤ ᠨᠢᠭᠤᠷ ᠴᠢᠷᠠᠢ ᠪᠠᠨ ᠴᠠᠩᠳᠤᠭᠤᠯᠤᠠ ᠤᠰᠤᠯᠠᠵᠤ ᠪᠠᠶᠢᠭ᠎ᠠ ᠬᠥᠮᠦᠨ᠂ ᠭᠤᠣᠯ ᠤᠰᠤᠨ ᠳᠤ | ᠰᠢᠪᠠᠷᠲᠤᠭᠰᠠᠠ ᠪᠤᠶᠤ ᠭᠤᠤ ᠭᠠᠩᠭ᠎ᠠ ᠳᠤ ᠤᠨᠠᠭᠰᠠᠨ ᠮᠠᠯ ᠢ ᠬᠢᠵᠦ ᠪᠠᠷᠢᠭᠰᠠᠨ ᠢᠶᠠᠨ ᠲᠠᠯᠪᠢᠨ ᠪᠠᠶᠢᠵᠥ ᠡᠷᠭᠦᠨ | ᠪᠤᠰᠬᠠᠵᠥ ᠪᠠᠶᠢᠭ᠎ᠠ ᠶᠠᠪᠤᠳᠠᠯ ᠢ ᠲᠠᠯ᠎ᠠ ᠨᠤᠲᠤᠭ ᠲᠤ ᠬᠠᠮᠢᠭ᠎ᠠ ᠬᠡᠵᠢᠶ᠎ᠡ ᠴᠦ ᠣᠯᠵᠤ ᠬᠠᠷᠠᠳᠠᠭ᠃ ᠰᠠᠶᠢᠨ ᠬᠥᠮᠦᠨ | ᠰᠠᠶᠢᠨ ᠶᠠᠪᠤᠳᠠᠯ ᠢ ᠬᠡᠨ ᠢᠶᠠᠷ ᠴᠦ ᠬᠡᠯᠡᠭᠦᠯ ᠦᠭᠡᠢ᠂ ᠬᠡᠨ ᠳᠤ ᠴᠦ ᠭᠠᠪᠢᠶᠠᠷᠬᠠᠯ ᠦᠭᠡᠢ ᠦᠭᠡ ᠳᠠᠭᠤᠨ ᠦᠭᠡᠢ | ᠬᠢᠵᠦ ᠶᠠᠪᠤᠳᠠᠭ ᠨᠢ ᠬᠡᠴᠢᠨᠡᠨ ᠵᠠᠭᠤ ᠮᠢᠩᠭᠠᠨ ᠵᠢᠯ ᠤᠨ ᠲᠤᠷᠰᠢ ᠮᠣᠩᠭᠤᠯᠴᠤᠳ ᠤᠨ ᠵᠠᠩᠰᠢᠯ ᠪᠣᠯᠤᠨ | ᠲᠠᠳᠬᠠᠯᠵᠢᠠᠠᠰᠠᠠ ᠶᠢ ᠲᠡᠦᠬᠡ ᠠᠯᠢ ᠬᠡᠳᠦᠶᠢᠨ ᠭᠡᠷᠡᠴᠢᠯᠡᠵᠡᠢ᠃ | ᠳᠣᠯᠤᠭ᠎ᠠ᠂ ᠮᠣᠩᠭᠤᠯᠴᠤᠳ ᠦᠷ᠎ᠡ ᠬᠡᠦᠬᠡᠳ ᠲᠡᠭᠡᠨ ᠰᠠᠶᠢᠨ ᠰᠠᠶᠢᠬᠠᠨ ᠢ ᠲᠠᠨᠢᠭᠤᠯᠵᠤ ᠲᠥᠪ ᠴᠢᠭᠡᠴᠢ | ᠪᠠᠶᠢᠬᠤ ᠶᠢ ᠰᠤᠷᠲᠠᠯᠴᠢᠯᠠᠨ ᠮᠠᠭᠤ ᠮᠠᠭᠤᠬᠠᠢ᠂ ᠵᠢᠰᠤᠷ ᠰᠢᠨᠤᠬᠠᠢ ᠶᠢ ᠵᠢᠭᠰᠢᠬᠦᠯᠤᠠ ᠴᠡᠭᠡᠷᠯᠡᠭᠦᠯᠳᠡᠭ᠃ ᠠᠶᠢᠯ ᠠᠶᠢᠮᠠᠭ | ᠦᠷ᠎ᠡ ᠬᠡᠥᠬᠡᠳ ᠢᠶᠠᠨ ᠦᠭᠡᠭᠦᠦ ᠶᠠᠳᠠᠭᠤ ᠠᠷᠠᠳ ᠢ ᠲᠡᠳᠭᠦᠨ ᠲᠤᠰᠠᠯᠠᠵᠤ᠂ ᠡᠪᠡᠳᠴᠢᠨ ᠵᠣᠪᠠᠯᠠᠩ ᠲᠠᠢ ᠬᠥᠮᠦᠰ ᠢ | ᠠᠰᠠᠷᠠᠨ ᠬᠠᠷᠠᠭᠠᠯᠵᠠᠵᠤ᠂ ᠪᠡᠶ᠎ᠡ ᠪᠠᠨ ᠴᠢᠩᠭ᠎ᠠ ᠱᠠᠭᠠᠷᠳᠠᠨ ᠬᠢᠴᠢᠶᠡᠵᠦ᠂ ᠶᠠᠮᠠᠷ ᠴᠤ ᠪᠠᠶᠢᠳᠠᠯ ᠳᠣᠣᠷ᠎ᠠ ᠦᠨᠡᠨ | ᠴᠠᠭᠠᠨ ᠢᠶᠠᠷ ᠶᠠᠪᠤᠬᠤ ᠶᠢ ᠪᠠᠷᠢᠮᠲᠠᠯᠠᠬᠤ ᠶᠢᠨ ᠬᠠᠮᠲᠤ ︽ᠢᠨᠢᠶᠡᠮᠰᠦᠭ ᠴᠢᠷᠠᠶᠢᠲᠦ ᠬᠥᠮᠦᠨ ᠪᠦᠬᠦᠨ ᠢ ᠢᠨᠠᠭ ᠳᠣᠲᠤᠨᠤ | ᠭᠡᠵᠦ ᠪᠢᠲᠡᠭᠡᠢ ᠪᠣᠳᠤ᠂ ᠵᠢᠰᠤᠷᠳᠠᠠ ᠠᠷᠭᠠᠳᠠᠭᠴᠢ ᠪᠠᠶᠢᠵᠥ ᠮᠡᠳᠡᠨ᠎ᠡ︾ ᠭᠡᠬᠦ ᠮᠡᠲᠦ ᠶᠢᠨ ᠴᠢᠬᠤᠯᠠ ᠰᠤᠷᠭᠠᠯ | ᠦᠭᠡ ᠨᠦᠭᠦᠳ ᠢᠶᠠᠷ ᠰᠡᠩᠬᠡᠷᠡᠭᠦᠯᠵᠦ᠂ ᠰᠠᠶᠢᠨ ᠪᠡ ᠮᠠᠭᠤ ᠬᠥᠮᠦᠨ ᠤ ᠵᠠᠭᠠᠭ ᠢ ᠭᠡᠨᠡᠳᠡᠯ ᠦᠭᠡᠢ ᠢᠯᠭᠠᠬᠤ | ᠴᠢᠳᠠᠪᠤᠷᠢ ᠲᠠᠢ ᠪᠣᠯᠭᠠᠬᠤ ᠶᠢ ᠤᠮᠳᠠᠭᠠᠶᠢᠯᠠᠯ ᠦᠭᠡᠢ ᠠᠩᠬᠠᠷᠴᠤ ᠰᠤᠷᠭᠠᠳᠠᠭ᠃ ᠡᠨᠡ ᠬᠦ ᠤᠷᠢᠲᠠᠯ ᠤᠨ ᠳᠣᠣᠷ᠎ᠠ | ᠡᠩ ᠤᠨ ᠨᠥᠬᠦᠳ ᠲᠠᠢ ᠪᠠᠨ ᠡᠶ᠎ᠡ ᠨᠠᠶᠢᠷᠲᠠᠢ ᠶᠠᠪᠤᠵᠤ ᠪᠤᠰᠤᠳ ᠢ ᠮᠠᠭᠤᠰᠢᠶᠠᠬᠤ ᠦᠭᠡᠢ᠂ ᠬᠤᠯᠠᠭᠠᠢ ᠬᠤᠳᠠᠯ ᠬᠢᠬᠦ | ᠦᠭᠡᠢ᠂ ᠬᠤᠣᠷᠲᠤ ᠰᠠᠨᠠᠭ᠎ᠠ ᠡᠪᠦᠷᠯᠡᠬᠦ ᠦᠭᠡᠢ᠂ ᠬᠤᠪᠴᠢ ᠬᠠᠭᠤᠷᠮᠠᠭ ᠪᠣᠯᠬᠤ ᠦᠭᠡᠢ ᠪᠠᠷ ᠦᠨᠡᠨ ᠢᠶᠠᠨ ᠬᠡᠯᠡᠵᠦ | ᠪᠡᠯᠡᠨ ᠢᠶᠠᠨ ᠢᠳᠡᠵᠦ ᠥᠷᠭᠡᠨ ᠲᠦᠮᠡᠨ ᠳᠤ ᠢᠲᠡᠭᠡᠯ ᠲᠠᠢ ᠶᠠᠪᠤᠬᠤ ᠶᠢ ᠵᠢᠭᠠᠳᠠᠭ ᠨᠢ ᠦᠨᠡᠨ ᠰᠠᠶᠢᠨ ᠰᠠᠶᠢᠬᠠᠨ ᠢ | ᠡᠷᠬᠢᠮᠯᠡᠵᠦ᠂ ᠬᠤᠳᠠᠯ ᠮᠠᠭᠤ ᠮᠠᠭᠤᠬᠠᠢ ᠶᠢ ᠵᠢᠭᠰᠢᠭᠰᠡᠨ ᠤᠯᠠᠮᠵᠢᠯᠠᠭᠤᠰᠢᠲᠠᠢ ᠨᠠᠨᠳᠢᠨ ᠵᠠᠩᠰᠢᠯ ᠪᠠᠶᠢᠭ᠎ᠠ ᠶᠤᠮ᠃ | ᠨᠠᠢᠮᠠ᠂ ᠮᠣᠩᠭᠤᠯᠴᠤᠳ ︽ᠤᠨᠠᠭᠰᠠᠨ ᠰᠢᠷᠤᠢ ᠠᠯᠳᠠ᠂ ᠤᠤᠭᠤᠭᠰᠠᠨ ᠤᠰᠤ ᠷᠠᠰᠢᠶᠠᠨ︾ ᠭᠡᠵᠦ | ᠥᠪᠡᠷ ᠤᠨ ᠲᠥᠷᠦᠵᠦ ᠥᠰᠦᠭᠰᠡᠨ ᠨᠤᠲᠤᠭ ᠤᠰᠤ ᠪᠠᠨ ᠬᠠᠶᠢᠷᠠᠯᠠᠨ ᠬᠠᠮᠠᠭᠠᠯᠠᠵᠤ ᠶᠠᠪᠤᠬᠤ ᠶᠢ ᠴᠠᠭ ᠦᠷᠭᠦᠯᠵᠢ | ᠰᠠᠨᠠᠭᠤᠯᠵᠤ ᠪᠠᠶᠢᠳᠠᠭ ᠪᠥᠭᠡᠳ ᠥᠰᠢᠶᠡᠲᠡᠨ ᠳᠠᠶᠢᠰᠣᠨ ᠤ ᠲᠥᠷᠢᠮᠡᠬᠡᠶᠢᠯᠡᠯ ᠠᠴᠠ ᠥᠯᠦᠭᠡᠢ ᠨᠤᠲᠤᠭ᠂ ᠠᠷᠠᠳ | ᠣᠯᠠᠨ ᠢᠶᠠᠨ ᠠᠪᠤᠷᠠᠭᠰᠠᠨ ᠪᠠᠭᠠᠲᠤᠷ ᠤᠨ ᠲᠤᠤᠯᠢ ᠶᠢ ᠶᠠᠷᠢᠵᠤ ᠥᠭᠭᠦᠨ ᠦᠷ᠎ᠡ ᠬᠡᠦᠬᠡᠳ ᠢᠶᠠᠨ ᠡᠭᠡ ᠣᠷᠤᠨ᠂ | ᠥᠯᠦᠭᠡᠢ ᠨᠤᠲᠤᠭ ᠤᠨ ᠢᠶᠠᠨ ᠪᠦᠷᠢᠨ ᠪᠦᠲᠦᠨ᠂ ᠡᠩᠬᠡ ᠠᠮᠤᠭᠤᠯᠠᠩ ᠤᠨ ᠲᠥᠯᠦᠭᠡ ᠠᠯᠢᠪᠠ ᠪᠠᠨ ᠵᠣᠷᠢᠭᠤᠯᠬᠤ | ᠬᠦᠰᠡᠯ ᠵᠣᠷᠢᠭ ᠲᠠᠢ ᠪᠣᠯᠭᠠᠨ ᠬᠥᠮᠦᠵᠢᠭᠦᠯᠵᠦ ᠪᠠᠶᠢᠳᠠᠭ᠃ ᠡᠶᠢᠮᠦᠷᠬᠦ ᠡᠭᠡ ᠣᠷᠤᠨ ᠢᠶᠠᠨ ᠬᠠᠶᠢᠷᠠᠯᠠᠬᠤ ᠬᠥᠮᠦᠵᠢᠯ | ᠠᠯᠢ ᠡᠷᠲᠡ ᠠᠴᠠ ᠤᠯᠠᠮᠵᠢᠯᠠᠭᠳᠠᠨ ᠲᠤᠤᠱᠠᠯᠠᠭᠳᠠᠵᠤ ᠪᠠᠶᠢᠭᠰᠠᠨ ᠵᠢᠱᠢᠶ᠎ᠡ ᠮᠤᠩ ᠦᠭᠡᠢ ᠣᠯᠠᠨ ᠪᠠᠶᠢᠭ᠎ᠠ ᠶᠤᠮ᠃ | ᠶᠢᠰᠦ᠂ ᠮᠣᠩᠭᠤᠯᠴᠤᠳ ᠦᠷ᠎ᠡ ᠬᠡᠦᠬᠡᠳ ᠢᠶᠠᠨ ᠠᠵᠢᠯ ᠬᠥᠳᠡᠯᠮᠦᠷᠢ ᠶᠢᠨ ᠳᠤᠮᠳᠠ ᠬᠠᠲᠠᠭᠤᠵᠢᠭᠤᠯᠤᠨ | ᠪᠣᠯᠪᠠᠰᠤᠷᠠᠭᠤᠯᠬᠤ ᠶᠠᠪᠤᠳᠠᠯ ᠢ ᠮᠠᠰᠢ ᠡᠷᠬᠢᠮᠯᠡᠨ ᠦᠵᠡᠳᠡᠭ᠃ ᠬᠡᠦᠬᠡᠳ ᠢ ᠳᠡᠩᠳᠡᠭᠦᠦ ᠡᠷᠬᠡᠯᠡᠭᠦᠯᠦᠨ ᠬᠠᠷᠠᠬᠠᠨ | ᠪᠠᠭ᠎ᠠ ᠠᠴᠠ ᠨᠢ ᠡᠷᠬᠡ ᠲᠠᠩᠬᠢ ᠰᠤᠷᠭᠠᠪᠠᠯ ᠰᠠᠨᠠᠭ᠎ᠠ ᠰᠡᠳᠭᠢᠯ ᠳᠤᠨᠢ ᠬᠠᠷᠰᠢ ᠲᠠᠢ ᠭᠡᠵᠦ᠂ ᠥᠰᠬᠦ ᠪᠣᠰᠬᠤ ᠠᠴᠠ ᠨᠢ | ᠡᠬᠢᠯᠡᠭᠡᠳ ᠲᠣᠷᠭ᠎ᠠ ᠪᠠᠷ ᠭᠠᠯᠭᠢᠭᠤᠯᠵᠤ ᠯᠠᠷᠵᠠ ᠶᠠᠩᠪᠠ ᠲᠠᠲᠠᠳᠠᠭ ᠥᠩᠭᠡᠴᠢ ᠵᠠᠩ ᠰᠤᠷᠲᠠᠯ ᠢ ᠢᠴᠢᠭᠦᠷᠢ ᠭᠡᠵᠦ᠂ | ︽ᠡᠷᠬᠡ ᠶᠢ ᠰᠤᠷᠬᠤ ᠪᠠᠷ ᠪᠡᠷᠬᠡ ᠶᠢ ᠰᠤᠷ︾ ᠭᠡᠵᠦ ᠨᠢᠯᠬ᠎ᠠ ᠪᠠᠭ᠎ᠠ ᠠᠴᠠ ᠨᠢ ᠮᠠᠯᠵᠢᠬᠤ ᠦᠢᠯᠡᠳᠪᠦᠷᠢᠯᠡᠯ ᠤᠨ | ᠮᠡᠳᠡᠯᠭᠡ ᠴᠢᠳᠠᠪᠤᠷᠢ ᠶᠢ ᠡᠵᠡᠮᠰᠢᠭᠦᠯᠵᠦ ᠠᠵᠢᠯ ᠮᠣᠳᠤᠨ ᠳᠤ ᠬᠠᠷᠰᠢᠭᠤᠯᠵᠤ ᠴᠠᠭᠠᠷᠠᠭᠤᠯᠵᠤ ᠪᠠᠶᠢᠳᠠᠭ᠃ | ᠢᠩᠭᠢᠭᠰᠡᠨ ᠢᠶᠠᠷ ᠢᠶᠠᠨ ᠮᠣᠩᠭᠤᠯ ᠬᠡᠦᠬᠡᠳ ᠬᠦᠳᠠᠷ ᠴᠢᠭᠢᠷᠠᠭ᠂ ᠡᠷᠡᠯᠬᠡᠭ ᠪᠠᠭᠠᠲᠤᠷ᠂ ᠪᠠᠭ᠎ᠠ ᠠᠴᠠ ᠪᠠᠨ | ᠬᠥᠳᠡᠯᠮᠦᠷᠢ ᠳᠤ ᠳᠤᠷᠠᠲᠠᠢ᠂ ᠬᠥᠳᠡᠯᠮᠦᠷᠢ ᠶᠢ ᠬᠠᠶᠢᠷᠠᠯᠠᠬᠤ ᠠᠵᠢᠯᠴᠢ ᠠᠷᠪᠢᠴᠢ ᠪᠠᠷ ᠥᠰᠦᠨ ᠪᠤᠶᠢᠵᠢᠵᠥ ᠪᠠᠶᠢᠳᠠᠭ | ᠰᠠᠨ᠂ ᠡᠨᠡ ᠨᠢ ᠬᠥᠳᠡᠯᠮᠦᠷᠢ ᠶᠢ ᠬᠠᠶᠢᠷᠠᠯᠠᠬᠤ ᠬᠥᠮᠦᠵᠢᠯ ᠲᠡᠳᠡᠨ ᠤ ᠪᠠᠯᠴᠢᠷ ᠨᠢᠯᠬ᠎ᠠ ᠲᠠᠷᠢᠬᠢᠨ ᠳᠤᠨᠢ ᠠᠯᠢ ᠡᠷᠲᠡ | ᠰᠢᠩᠭᠡᠭᠰᠡᠨ ᠶᠢᠨ ᠰᠠᠶᠢᠨ ᠪᠠᠶᠢᠵᠥ ᠲᠠᠭᠠᠷᠠᠨ᠎ᠠ᠃ | ᠠᠷᠪᠠ᠂ ᠮᠣᠩᠭᠤᠯᠴᠤᠳ ︽ᠠᠯᠤᠩᠭᠤᠸ᠎ᠠ ᠬᠠᠲᠤᠨ ᠲᠠᠪᠤᠨ ᠮᠥᠰᠦ ᠪᠠᠷ ᠬᠡᠦᠬᠡᠳ ᠢᠶᠠᠨ ᠰᠤᠷᠭᠠᠭᠰᠠᠨ | ᠦᠯᠢᠭᠡᠷ︾ ᠢ ᠦᠷ᠎ᠡ ᠬᠡᠦᠬᠡᠳ ᠲᠡᠭᠡᠨ ᠦᠶ᠎ᠡ ᠤᠯᠠᠮᠵᠢᠯᠠᠨ ᠶᠠᠷᠢᠵᠤ᠂ ︽ᠴᠤᠪᠤᠵᠤ ᠶᠠᠪᠤᠭᠰᠠᠨ ᠪᠠᠷᠰ ᠠᠴᠠ | ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ︾ ᠭᠡᠬᠦ ᠰᠡᠴᠡᠨ ᠦᠭᠡ᠂ ᠦᠨᠡᠨ ᠶᠣᠰᠤ ᠪᠠᠷ ᠬᠡᠦᠬᠡᠳ ᠢᠶᠠᠨ | ᠰᠤᠷᠭᠠᠵᠤ᠂ ᠡᠪ ᠨᠢᠭᠡᠳᠦᠯ᠂ ᠪᠦᠯᠭᠦᠮᠳᠡᠯ ᠨᠢᠭᠲᠠᠷᠠᠯ ᠢ ᠡᠷᠬᠢᠮᠯᠡᠵᠦ ᠨᠠᠨᠳᠢᠩᠨᠠᠵᠤ ᠶᠠᠪᠤᠳᠠᠭ ᠰᠠᠶᠢᠬᠠᠨ | ᠤᠯᠠᠮᠵᠢᠯᠠᠯ ᠲᠠᠢ᠃ ᠶᠠᠭᠤᠨ ᠤ ᠤᠷᠢᠳ ᠡᠴᠢᠭᠡ ᠬᠥᠪᠡᠭᠦᠨ ᠪᠡ ᠠᠬ᠎ᠠ ᠳᠡᠭᠦᠦ ᠨᠡᠷ ᠤᠨ ᠲᠥᠷᠦᠯ ᠬᠡᠯᠬᠢᠶ᠎ᠡ ᠶᠢᠨ | ᠠᠷᠢᠭᠤᠨ ᠲᠠᠩᠭᠠᠷᠢᠭ ᠢ ᠰᠠᠶᠢᠳᠤᠷ ᠭᠡᠴᠢᠶᠠᠵᠤ ᠬᠠᠷᠢᠯᠴᠠᠨ ᠨᠢᠭᠡ ᠨᠢᠭᠡᠨ ᠢᠶᠠᠨ ᠳᠣᠷᠤᠮᠵᠢᠯᠠᠬᠤ ᠡᠪᠳᠡᠷᠡᠯᠴᠡᠬᠦ ᠶᠢ | ᠶᠡᠬᠡᠳᠡ ᠴᠡᠭᠡᠷᠯᠡᠯ ᠪᠣᠯᠭᠠᠳᠠᠭ᠃ ᠬᠡᠷᠪᠡ ᠬᠠᠷᠢᠯᠴᠠᠨ ᠳᠣᠷᠤᠮᠵᠢᠯᠠᠵᠤ ᠡᠪᠳᠡᠷᠡᠯᠴᠡᠬᠦ ᠳᠤ ᠭᠦᠷᠪᠡᠯ ᠲᠠᠩᠭᠠᠷᠢᠭ | ᠡᠪᠳᠡᠷᠡᠪᠡ ᠭᠡᠵᠦ ᠰᠦᠷᠭᠡᠦ ᠪᠤᠷᠤᠭᠤ ᠶᠠᠪᠤᠳᠠᠯ ᠪᠣᠯᠵᠤ ᠲᠥᠷᠦᠯ ᠲᠥᠷᠦᠭᠰᠡᠳ᠂ ᠠᠶᠢᠯ ᠠᠶᠢᠮᠠᠭ ᠤᠨ ᠵᠢᠭᠰᠢᠯ ᠪᠡ | ᠡᠰᠡᠷᠭᠦᠴᠡᠯ ᠢ ᠣᠯᠳᠠᠭ᠃ ᠲᠥᠷᠦᠯ ᠬᠤᠭᠤᠷᠤᠨᠳᠤ ᠪᠠᠨ᠂ ᠠᠪᠠᠭ᠎ᠠ ᠠᠴᠢ ᠬᠤᠭᠤᠷᠤᠨᠳᠤ ᠪᠠᠨ ᠬᠠᠷᠢᠯᠴᠠᠨ ᠲᠠᠩᠭᠠᠷᠢᠭ | ᠡᠪᠳᠡᠷᠡᠬᠦ ᠶᠢ ᠶᠡᠬᠡᠳᠡ ᠴᠠᠭᠡᠷᠯᠠᠨ᠎ᠠ᠃ ᠲᠠᠳᠠ ᠢᠩᠭᠢᠵᠦ ᠡᠪᠳᠡᠷᠡᠯᠴᠡᠬᠦ ᠶᠢ ᠲᠦᠯ ᠤᠨ ᠰᠦᠷᠭᠡᠦ ᠶᠠᠪᠤᠳᠠᠯ ᠢᠶᠠᠷ | ᠦᠵᠡᠳᠡᠭ ᠲᠤᠯᠠ ︽ᠲᠠᠩᠭᠠᠷᠢᠭ ᠡᠪᠳᠡᠷᠡᠬᠦ ᠶᠢᠨ ᠬᠤᠣᠷ᠎ᠠ ᠨᠢ ᠲᠣᠩᠭᠤᠷᠠᠭ ᠠᠴᠠ ᠬᠤᠷᠴᠠ︾ ᠭᠡᠵᠦ ᠴᠡᠭᠡᠷᠯᠡᠯ | ᠪᠣᠯᠭᠠᠳᠠᠭ᠃ ᠳᠠᠷᠠᠭ᠎ᠠ ᠨᠢ ᠬᠥᠷᠰᠢ ᠵᠠᠷᠭᠡᠯᠳᠡᠭᠡ᠂ ᠠᠶᠢᠯ ᠰᠠᠭᠠᠬᠠᠯᠲᠠ ᠶᠢᠨ ᠡᠪ ᠪᠦᠯᠭᠦᠮᠳᠡᠯ ᠢ ᠶᠡᠬᠡᠳᠡ ᠡᠷᠬᠢᠮᠯᠡᠵᠦ᠂ | ︽ᠬᠤᠯᠠ ᠶᠢᠨ ᠰᠠᠳᠤᠨ ᠬᠤᠷᠤᠭ᠎ᠠ ᠵᠠᠯᠭᠠᠭᠰᠠᠨ ᠬᠥᠷᠰᠢ ᠶᠢ ᠥᠯᠦ ᠬᠦᠷᠤᠶᠤ︾᠂ ︽ᠠᠶᠢᠯ ᠠᠶᠢᠮᠠᠭ ᠤᠨ ᠠᠮᠢ | ᠨᠢᠭᠡ᠂ ᠠᠨᠵᠢᠰᠤᠨ ᠦᠬᠡᠷ ᠤᠨ ᠳᠦᠷᠦ ᠨᠢᠭᠡ︾ ᠭᠡᠵᠦ ᠡᠶ᠎ᠡ ᠨᠠᠶᠢᠷ ᠲᠠᠢ ᠪᠦᠯᠬᠦᠮᠳᠠᠠ ᠨᠢᠭᠲᠠᠷᠠᠵᠤ ᠶᠠᠪᠤᠬᠤ ᠶᠢ | ᠮᠠᠰᠢᠳᠠ ᠴᠢᠬᠤᠯᠠᠴᠢᠯᠠᠳᠠᠭ ᠲᠤᠯᠠ ᠮᠣᠩᠭᠤᠯ ᠨᠤᠲᠤᠭ ᠲᠤ ᠠᠶᠢᠯ ᠠᠶᠢᠮᠠᠭ ᠳᠣᠲᠤᠷ᠎ᠠ ᠪᠠᠨ ᠲᠠᠭᠠᠷᠠᠯᠴᠠᠬᠤ ᠦᠭᠡᠢ | ᠬᠡᠷᠡᠭᠦᠯ ᠵᠣᠳᠤᠭᠠᠨ ᠪᠣᠯᠬᠤ᠂ ᠥᠰᠢᠶ᠎ᠡ ᠬᠤᠷᠤᠰᠤᠯ ᠵᠠᠩᠭᠢᠳᠬᠤ ᠶᠠᠪᠤᠳᠠᠯ ᠶᠡᠷᠦ ᠭᠠᠷᠳᠠᠭ ᠦᠭᠡᠢ ᠲᠡᠦᠬᠡ ᠲᠠᠢ ᠶᠤᠮ᠃ | ᠨᠠᠩ ᠭᠡᠷ ᠪᠦᠯᠢ ᠶᠢᠨ ᠳᠣᠲᠤᠷ᠎ᠠ ᠪᠠᠨ ᠡᠶ᠎ᠡ ᠨᠠᠶᠢᠷ ᠢᠶᠠᠷ ᠪᠢᠯᠬᠠᠵᠤ᠂ ᠠᠬᠠᠮᠠᠳ ᠨᠠᠰᠤᠲᠠᠨ ᠢᠶᠠᠨ ᠬᠦᠨᠳᠦᠯᠡᠵᠦ | ᠠᠩᠭ᠎ᠠ ᠨᠢᠯᠬ᠎ᠠ ᠪᠠᠨ ᠪᠣᠶᠢᠵᠢᠭᠤᠯᠤᠨ ᠠᠬ᠎ᠠ ᠳᠡᠭᠦᠦ ᠬᠡᠳᠦᠭᠦᠯᠡ ᠪᠣᠯᠤᠭᠰᠠᠨ ᠴᠤ ᠴᠥᠮ ᠡᠪᠦᠭᠡ ᠡᠮᠡᠭᠡ᠂ ᠠᠪᠤ | ᠡᠵᠢ ᠲᠠᠢ ᠪᠠᠨ ᠨᠢᠭᠡ ᠯᠠ ᠭᠡᠷ ᠲᠤ ᠠᠮᠢᠳᠤᠷᠠᠵᠤ᠂ ᠨᠢᠭᠡ ᠲᠣᠭᠤᠭᠠᠨ ᠠᠴᠠ ᠪᠤᠳᠠᠭ᠎ᠠ ᠢᠳᠡᠨ ᠠᠬ᠎ᠠ ᠳᠡᠭᠦᠦ | ᠬᠤᠭᠤᠷᠤᠨᠳᠤ ᠪᠠᠨ᠂ ᠠᠪᠢᠰᠤᠨ ᠠᠵᠢᠨ ᠬᠤᠭᠤᠷᠤᠨᠳᠤ ᠪᠠᠨ ᠦᠭᠡ ᠵᠥᠷᠢᠯᠳᠦᠬᠦ ᠶᠢ ᠪᠠᠶᠢᠳᠤᠭᠠᠢ᠂ ᠴᠢᠷᠠᠢ ᠴᠤ | ᠬᠤᠪᠢᠷᠠᠬᠤ ᠦᠭᠡᠢ ᠠᠮᠢᠳᠤᠷᠠᠵᠤ ᠪᠠᠶᠢᠭᠰᠠᠨ ᠬᠡᠳᠦᠨ ᠠᠷᠪᠠᠨ ᠠᠮᠠ ᠪᠦᠯᠢ ᠲᠠᠢ ᠲᠣᠮᠤ ᠡᠷᠦᠬᠡ ᠣᠯᠠᠨ ᠪᠠᠶᠢᠵᠥ᠂ | ᠬᠥᠮᠦᠰ ᠲᠤ ︽ᠡᠯᠢᠭᠡ ᠪᠦᠲᠦᠨ᠂ ᠡᠪ ᠨᠠᠢᠷᠠᠮᠳᠠᠭᠤ ᠪᠦᠯᠢ︾ ᠭᠡᠵᠦ ᠮᠠᠭᠲᠠᠭᠳᠠᠵᠤ ᠪᠠᠶᠢᠳᠠᠭ᠃ | ᠠᠷᠪᠠᠨ ᠨᠢᠭᠡ᠂ ᠮᠣᠩᠭᠤᠯᠴᠤᠳ ᠦᠷ᠎ᠡ ᠬᠡᠦᠬᠡᠳ ᠢᠶᠠᠨ ᠬᠥᠮᠦᠵᠢᠭᠦᠯᠬᠦ ᠶᠠᠪᠤᠳᠠᠯ ᠢ ᠡᠷᠦᠬᠡ ᠡᠷᠦᠬᠡ ᠶᠢᠨ ᠠᠮᠢ | ᠬᠤᠪᠢᠨ ᠤ ᠶᠠᠪᠤᠳᠠᠯ ᠢᠶᠠᠷ ᠦᠵᠡᠳᠡᠭ ᠦᠭᠡᠢ᠂ ᠬᠠᠷᠢᠨ ᠠᠶᠢᠯ ᠭᠤᠣᠯ᠂ ᠨᠡᠶᠢᠭᠡᠮ ᠨᠡᠶᠢᠲᠡ ᠪᠠᠷ ᠢᠶᠠᠨ ᠡᠭᠦᠷᠭᠡᠯᠡᠨ | ᠠᠪᠴᠤ ᠵᠠᠶᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠪᠠᠷ ᠦᠵᠡᠵᠦ ᠬᠠᠮᠲᠤ ᠪᠠᠷ ᠢᠶᠠᠨ ᠬᠥᠮᠦᠵᠢᠭᠦᠯᠦᠨ ᠬᠠᠲᠠᠭᠤ | ᠴᠢᠩᠭ᠎ᠠ ᠪᠠᠷ ᠰᠤᠷᠭᠠᠳᠠᠭ ᠵᠠᠩᠰᠢᠯ ᠲᠠᠢ᠃ ᠮᠣᠩᠭᠤᠯ ᠣᠷᠤᠨ ᠳᠤ ᠠᠬᠠᠮᠠᠳ ᠨᠠᠰᠤᠲᠠᠨ ᠨᠢ ᠬᠡᠦᠬᠡᠳ ᠪᠠᠭᠠᠴᠤᠳ ᠤᠨ | ᠶᠣᠰᠤ ᠮᠤᠷᠠᠯ ᠦᠭᠡᠢ ᠠᠵᠢᠯᠯᠠᠭ᠎ᠠ᠂ ᠠᠯᠵᠠᠭᠤ ᠬᠤᠶᠢᠷᠭᠤ ᠰᠤᠷᠲᠠᠯ ᠢ ᠦᠵᠡᠪᠡᠯ ᠲᠠᠨᠢᠬᠤ ᠡᠰᠡ ᠲᠠᠨᠢᠬᠤ ᠶᠢ ᠥᠯᠦ | ᠬᠠᠶᠢᠬᠤᠷᠣᠨ ᠵᠢᠮᠡᠯᠡᠨ ᠰᠤᠷᠭᠠᠳᠠᠭ ᠢᠶᠠᠷ ᠪᠠᠷᠠᠬᠤ ᠦᠭᠡᠢ᠂ ᠪᠠᠰᠠ ᠭᠡᠷ ᠡᠷᠦᠬᠡ ᠳᠤᠨᠢ ᠬᠡᠷᠡᠭ ᠪᠣᠯᠭᠠᠨ ᠬᠦᠷᠴᠦ | ᠬᠡᠦᠬᠡᠳ ᠤᠨ ᠬᠢᠨᠢ ᠶᠣᠰᠤ ᠨᠣᠮ ᠦᠭᠡᠢ ᠠᠭᠠᠰᠢᠯᠠᠭᠰᠠᠨ᠂ ᠲᠤᠭᠤᠯ ᠪᠢᠷᠠᠭᠤ ᠢᠰᠢᠭᠡ ᠬᠤᠷᠠᠭ᠎ᠠ ᠬᠠᠷᠢᠭᠤᠯᠵᠤ | ᠪᠠᠶᠢᠭᠠᠳ ᠤᠨᠲᠠᠵᠤ ᠬᠡᠪᠲᠡᠭᠰᠡᠨ᠂ ᠡᠰᠡᠬᠦᠯ᠎ᠡ ᠨᠠᠭᠠᠳᠤᠮ ᠲᠣᠭᠯᠠᠭᠠᠮ ᠳᠠᠭᠠᠨ ᠪᠣᠯᠵᠤ ᠡᠭᠡ ᠲᠠᠢ ᠨᠢ ᠨᠡᠶᠢᠯᠡᠭᠦᠯᠥᠭᠰᠡᠨ | ᠪᠤᠶᠤ ᠪᠤᠰᠤᠳ ᠤᠨ ᠰᠦᠷᠦᠭ ᠲᠤ ᠨᠡᠶᠢᠯᠡᠭᠦᠯᠥᠭᠰᠡᠨ ᠵᠡᠷᠭᠡ ᠬᠡᠷᠡᠭ ᠤᠴᠢᠷ ᠤᠳ ᠢ ᠨᠢᠭᠡᠳ ᠨᠢᠭᠡ ᠪᠠᠷ ᠨᠢᠭᠤᠯ ᠦᠭᠡᠢ | ᠲᠣᠭᠠᠴᠢᠵᠤ᠂ ᠬᠤᠶᠢᠰᠢᠳᠠ ᠴᠢᠩᠭ᠎ᠠ ᠱᠠᠭᠠᠷᠳᠠᠨ ᠰᠤᠷᠭᠠᠬᠤ ᠶᠢ ᠰᠠᠨᠠᠭᠤᠯᠵᠤ ᠪᠠᠶᠢᠳᠠᠭ᠃ ᠡᠨᠡ ᠦᠶ᠎ᠡ ᠳᠤ ᠭᠡᠷ ᠤᠨ | ᠠᠬᠠᠮᠠᠳ ᠨᠢ ᠬᠡᠦᠬᠡᠳ ᠢᠶᠠᠨ ᠥᠮᠦᠭᠡᠷᠡᠵᠦ ᠥᠮᠦᠭᠯᠡᠳᠡᠭ ᠦᠭᠡᠢ᠂ ᠬᠠᠷᠢᠨ ᠲᠠᠯᠠᠷᠬᠠᠬᠤ ᠰᠡᠳᠭᠢᠯ ᠢᠶᠠᠨ ᠢᠯᠡᠳᠭᠡᠵᠦ᠂ | ᠬᠤᠢᠰᠢᠳᠠ ᠪᠠᠰᠠ ᠴᠢᠩᠭ᠎ᠠ ᠰᠤᠷᠭᠠᠵᠤ ᠪᠠᠶᠢᠬᠤ ᠶᠢ ᠨᠠᠶᠢᠳᠠᠵᠥ ᠲᠤᠰᠢᠶᠠᠳᠠᠭ᠃ ᠵᠢᠮᠡᠯᠡᠯ ᠰᠣᠨᠤᠰᠤᠭᠰᠠᠨ ᠦᠷ᠎ᠡ | ᠬᠡᠦᠬᠡᠳ ᠨᠢ ᠴᠦ ︽ᠡᠴᠢᠭᠡ ᠡᠭᠡ ᠳᠤ ᠬᠤᠪᠯᠠᠵᠤ ᠵᠢᠮᠠᠯᠠᠬᠦᠯᠤᠯᠠ︾ ᠭᠡᠵᠦ ᠬᠤᠷᠤᠰᠤᠨ ᠵᠠᠨᠤᠵᠤ ᠥᠰᠢᠶᠡᠷᠬᠡᠨ | ᠠᠭᠠᠰᠢᠯᠠᠳᠠᠭ ᠦᠭᠡᠢ᠂ ᠬᠠᠷᠢᠨ ᠣᠰᠤᠯ ᠠᠳᠠᠯ ᠢᠶᠠᠨ ᠨᠣᠮᠤᠬᠠᠨ ᠢᠶᠠᠷ ᠮᠡᠳᠡᠷᠡᠵᠦ ᠲᠡᠷᠡ ᠨᠠᠰᠤᠲᠠᠨ ᠢ ᠤᠯᠠᠮ | ᠬᠦᠨᠳᠦᠯᠡᠨ ᠶᠠᠪᠤᠳᠠᠭ ᠪᠢᠯᠡ᠃ ᠣᠳᠣᠬᠠᠨ ᠳᠤ ᠰᠤᠷᠭᠠᠭᠤᠯᠢ᠂ ᠭᠡᠷ ᠪᠦᠯᠢ᠂ ᠨᠡᠶᠢᠭᠡᠮ ᠭᠤᠷᠪᠠᠨ ᠲᠠᠯ᠎ᠠ ᠶᠢᠨ | ᠬᠥᠮᠦᠵᠢᠯ ᠢ ᠴᠢᠩᠭᠠᠳᠭᠠᠬᠤ ᠬᠡᠷᠡᠭᠲᠡᠢ ᠭᠡᠵᠦ ᠴᠢᠬᠤᠯᠠᠴᠢᠯᠠᠨ ᠱᠠᠭᠠᠷᠳᠠᠵᠤ ᠪᠠᠶᠢᠬᠤ ᠨᠢ ᠮᠣᠩᠭᠤᠯᠴᠤᠳ ᠢ | ᠤᠯᠠᠮᠵᠢᠯᠠᠵᠤ ᠢᠷᠡᠭᠰᠡᠨ ᠢᠷᠠᠭᠤ ᠠᠯᠳᠠᠷᠲᠤ ᠤᠳᠤᠮᠰᠢᠯ ᠢᠶᠠᠨ ᠤᠯᠠᠮ ᠪᠠᠳᠠᠷᠠᠭᠤᠯᠰᠤᠭᠠᠢ ᠭᠡᠰᠡᠨ ᠦᠭᠡ ᠪᠣᠯᠵᠤ | ᠲᠠᠭᠠᠷᠠᠨ᠎ᠠ᠃ | |