ᠰᠢᠯᠦᠬᠡᠢ ᠡᠪᠡᠳᠴᠢᠨ ᠪᠤᠯ ᠰᠢᠯᠦᠬᠡᠢ ᠡᠪᠡᠳᠴᠢᠨ ᠤ ᠸᠢᠷᠦ᠋ᠰ ᠠᠴᠠ ᠪᠤᠯᠵᠦ ᠡᠬᠦᠰᠦᠭᠰᠡᠨ ᠰᠠᠯᠠᠭ᠎ᠠ | ᠲᠤᠭᠤᠷᠠᠶᠢᠳᠠᠨ ᠳᠤ ᠬᠠᠯᠳᠠᠪᠤᠷᠢᠯᠠᠳᠠᠭ ᠨᠢᠬᠡ ᠲᠦᠷᠦᠯ ᠤᠨ ᠴᠤᠴᠢᠮᠠᠭ᠂ ᠬᠠᠯᠠᠭᠤᠨ ᠴᠢᠨᠠᠷᠳᠠᠢ᠂ ᠬᠦᠷᠦᠯᠴᠡᠬᠦ | ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠮᠠᠨ ᠤ ᠤᠯᠤᠰ ᠤᠨ ᠨᠢᠬᠡᠳᠦᠬᠡᠷ ᠲᠦᠷᠦᠯ ᠤᠨ ᠠᠮᠢᠳᠠᠨ ᠤ | ᠬᠠᠯᠳᠠᠪᠤᠷᠢᠳᠤ ᠡᠪᠡᠳᠴᠢᠨ ᠪᠤᠯᠤᠨ᠎ᠠ᠃ ᠠᠯᠪᠠᠳᠠᠯᠭ᠎ᠠ ᠲᠠᠢ ᠲᠠᠷᠢᠯᠭ᠎ᠠ ᠲᠠᠷᠢᠬᠤ ᠡᠪᠡᠳᠴᠢᠨ ᠤ ᠲᠦᠷᠦᠯ ᠪᠤᠯᠤᠨ᠎ᠠ᠃ | | | ᠲᠠᠬᠤᠤᠯ ᠤᠨ ᠰᠤᠳᠤᠯᠤᠯ᠄ | 1. ᠰᠢᠯᠦᠬᠡᠢ ᠡᠪᠡᠳᠴᠢᠨ 33 ᠲᠦᠷᠦᠯ ᠤᠨ ᠠᠮᠢᠳᠠᠨ ᠳᠤ ᠬᠠᠯᠳᠠᠪᠤᠷᠢᠯᠠᠵᠦ ᠴᠢᠳᠠᠨ᠎ᠠ᠃ ᠡᠬᠦᠨ ᠤ | ᠲᠤᠳᠤᠷ᠎ᠠ ᠰᠠᠯᠠᠭ᠎ᠠ ᠲᠤᠭᠤᠷᠠᠶᠢᠳᠠᠨ ᠳᠤ ᠬᠠᠯᠳᠠᠪᠤᠷᠢᠯᠠᠬᠤ ᠨᠢ ᠬᠠᠮᠤᠭ ᠠᠮᠠᠷᠬᠠᠨ᠂ ᠬᠠᠯᠳᠠᠮᠠᠲᠠᠭᠠᠢ ᠴᠢᠨᠠᠷ ᠢᠶᠠᠷ ᠨᠢ | ᠵᠢᠭᠰᠠᠭᠠᠪᠠᠯ ᠦᠬᠡᠷ᠂ ᠲᠡᠮᠡᠭᠡ᠂ ᠬᠤᠨᠢ᠂ ᠢᠮᠠᠭ᠎ᠠ᠂ ᠭᠠᠭ᠋ᠠᠢ᠂ ᠬᠡᠬᠡᠷ᠎ᠡ ᠶᠢᠨ ᠠᠮᠢᠳᠠᠨ ᠴᠦ ᠲᠤᠰ ᠡᠪᠡᠳᠴᠢᠨ ᠳᠤ. | ᠬᠠᠯᠳᠠᠪᠤᠷᠢᠯᠠᠭᠳᠠᠨ᠎ᠠ᠃ | 2. ᠡᠪᠡᠳᠴᠢᠨ ᠲᠠᠢ ᠮᠠᠯ ᠪᠤᠯ ᠲᠤᠰ ᠡᠪᠡᠳᠴᠢᠨ ᠤ ᠭᠤᠤᠯ ᠪᠤᠯᠬᠤ ᠡᠪᠡᠳᠴᠢᠨ ᠡᠬᠦᠰᠬᠡᠭᠴᠢ ᠪᠤᠯᠤᠨ᠎ᠠ᠃ | ᠡᠪᠡᠳᠴᠢᠨ ᠤ ᠡᠬᠢᠨ ᠤ ᠦᠶ᠎ᠡ ᠳᠤ ᠤᠷᠤᠰᠢᠵᠦ ᠪᠠᠶᠢᠭ᠎ᠠ ᠠᠮᠢᠳᠠᠨ ᠪᠤᠯ ᠬᠠᠮᠤᠭ ᠭᠤᠤᠯ ᠡᠪᠡᠳᠴᠢᠨ ᠡᠬᠦᠰᠬᠡᠭᠴᠢ᠂ | ᠤᠴᠢᠷ ᠨᠢ ᠢᠯᠡᠷᠡᠯ ᠡᠬᠦᠰᠦᠭᠰᠡᠨ ᠤ ᠲᠠᠷᠠᠭᠠᠬᠢ ᠬᠡᠳᠦᠨ ᠡᠳᠦᠷ᠂ ᠡᠪᠡᠳᠴᠢᠨ ᠲᠠᠢ ᠮᠠᠯ ᠸᠢᠷᠦ᠋ᠰ ᠢᠶᠠᠨ | ᠢᠯᠭᠠᠷᠠᠭᠤᠯᠬᠤ ᠨᠢ ᠠᠷᠪᠢᠨ᠂ ᠸᠢᠷᠦ᠋ᠰ ᠤᠨ ᠬᠤᠤᠷᠳᠤ ᠴᠢᠨᠠᠷ ᠴᠦ ᠴᠢᠩᠭ᠎ᠠ ᠪᠠᠶᠢᠳᠠᠭ᠃ ᠡᠬᠦᠨ ᠳᠤ ᠬᠡᠯᠡᠨ ᠤ | ᠤᠰᠤᠨ ᠴᠦᠪᠤᠷᠢᠬᠦᠦ ᠲᠤᠳᠤᠷᠠᠬᠢ ᠸᠢᠷᠦ᠋ᠰ ᠤᠨ ᠠᠭᠤᠯᠠᠭᠳᠠᠴᠨ ᠦᠨᠳᠦᠷ ᠪᠠᠶᠢᠳᠠᠭ᠃ | 3. ᠲᠠᠷᠬᠠᠬᠤ ᠵᠠᠮ᠄ ᠸᠢᠷᠦ᠋ᠰ ᠨᠢ ᠴᠤᠭ ᠲᠡᠵᠢᠬᠡᠵᠦ᠂ ᠮᠠᠯᠵᠢᠵᠦ ᠪᠠᠶᠢᠭ᠎ᠠ ᠠᠮᠢᠳᠠᠨ ᠲᠠᠢ ᠰᠢᠭᠤᠳ | ᠬᠦᠷᠦᠯᠴᠡᠬᠦ ᠠᠴᠠ ᠪᠤᠯᠵᠦ ᠲᠠᠷᠬᠠᠳᠠᠭ᠃ ᠤᠨᠴᠠᠭᠠᠶᠢᠯᠠᠨ ᠲᠦᠪᠯᠡᠷᠡᠬᠦᠯᠦᠨ ᠮᠠᠯᠵᠢᠵᠦ ᠪᠠᠶᠢᠭ᠎ᠠ ᠮᠠᠯᠵᠢᠯ ᠤᠨ ᠲᠠᠯᠠᠪᠤᠷ | ᠲᠤ ᠠᠮᠠᠷᠬᠠᠨ ᠲᠡᠯᠬᠡᠷᠡᠳᠡᠭ᠃ ᠡᠪᠡᠳᠴᠢᠨ ᠲᠠᠢ ᠮᠠᠯ ᠤᠨ ᠢᠯᠭᠠᠳᠠᠰᠤ᠂ ᠱᠦᠬᠦᠷᠳᠡᠰᠦ ᠪᠤᠳᠠᠰ᠂ ᠡᠷᠬᠡᠳᠡᠨ | ᠨᠡᠬᠡᠳᠡᠰᠦ᠂ ᠴᠢᠰᠤ᠂ ᠲᠠᠭᠠᠯᠳᠠ ᠪᠦᠳᠦᠬᠡᠭᠳᠡᠬᠦᠨ ︵ᠠᠷᠠᠰᠤ᠂ ᠨᠤᠤᠰᠤ᠂ ᠮᠢᠬ᠎ᠠ︶ ᠵᠢᠴᠢ ᠪᠤᠵᠠᠷᠳᠤᠭᠰᠠᠨ ᠲᠡᠷᠬᠡ | ᠤᠨᠤᠭ᠎ᠠ᠂ ᠤᠰᠤ᠂ ᠪᠡᠯᠴᠢᠬᠡᠷ᠂ ᠤᠩᠭᠤᠴᠨ᠂ ᠲᠡᠵᠢᠬᠡᠯ ᠪᠤᠷᠳᠤᠭ᠎ᠠ ᠵᠡᠷᠬᠡ ᠪᠤᠯ ᠭᠤᠤᠯ ᠪᠤᠯᠬᠤ ᠵᠠᠭᠤᠴᠢ ᠪᠤᠳᠠᠰ᠃ | | 4. ᠲᠡᠯᠬᠡᠷᠡᠬᠦ ᠤᠨᠴᠠᠯᠢᠭ᠂ ᠤᠯᠠᠷᠢᠯᠳᠤ ᠴᠢᠨᠠᠷ ᠦᠭᠡᠢ᠂ ᠵᠤᠬᠢᠬᠤ ᠬᠡᠮᠵᠢᠶᠡᠨ ᠤ ᠦᠶᠡᠯᠡᠯᠳᠦ ᠴᠢᠨᠠᠷ ᠲᠠᠢ᠃ | | | ᠡᠮᠴᠢᠯᠡᠬᠡᠨ ᠲᠡᠬᠡᠷᠡᠬᠢ ᠰᠢᠨᠵᠢ ᠲᠡᠮᠳᠡᠭ᠄ | ᠲᠠᠯᠳᠠ ᠬᠤᠭᠤᠴᠠᠭ᠎ᠠ ᠨᠢ 2 —4 ᠡᠳᠦᠷ᠂ ᠬᠠᠮᠤᠭ ᠤᠷᠳᠤ ᠳᠠᠭᠠᠨ 1 ᠭᠠᠷᠠᠭ ᠤᠷᠴᠢᠮ᠂ ᠡᠪᠡᠳᠴᠢᠨ ᠤ | ᠡᠬᠢᠨ ᠤ ᠬᠤᠭᠤᠴᠠᠭᠠᠨ ᠳᠤ ᠪᠡᠶ᠎ᠡ ᠶᠢᠨ ᠲᠤᠯᠠᠭᠠᠨ ᠲᠡᠬᠡᠭᠰᠢᠯᠡᠬᠡᠳ 40 —41 ᠭᠷᠠᠳᠦ᠋ᠰ ᠪᠤᠯᠵᠦ᠂ ᠴᠤᠭ ᠰᠦᠯᠳᠡ | ᠦᠭᠡᠢ᠂ ᠢᠳᠡᠬᠡᠨ ᠤ ᠲᠤᠷᠠᠰᠢᠯ ᠲᠤᠷᠤᠭᠰᠢᠯᠠᠵᠦ᠂ ᠬᠢᠪᠢᠯᠳᠡ ᠮᠠᠭᠤᠳᠠᠵᠦ᠂ ᠰᠢᠯᠤᠰᠤ ᠪᠠᠨ ᠭᠤᠭᠤᠵᠢᠭᠤᠯᠤᠨ᠎ᠠ᠃ | 1 —2 ᠡᠳᠦᠷ ᠤᠨ ᠲᠠᠷᠠᠭ᠎ᠠ ᠠᠮᠠᠨ ᠲᠤᠳᠤᠷ᠎ᠠ᠂ ᠪᠤᠶᠢᠯᠨ᠂ ᠬᠡᠯᠨ᠂ ᠵᠠᠪᠠᠵᠢᠨ ᠤ ᠬᠡᠰᠡᠭ ᠤᠨ ᠰᠠᠯᠢᠰᠤᠳᠤ | ᠪᠦᠷᠬᠦᠬᠦᠯ ᠲᠡᠬᠡᠷ᠎ᠡ ᠪᠤᠷᠴᠠᠭ ᠤᠨ ᠴᠢᠨᠡᠬᠡᠨ ᠤᠰᠤᠨ ᠴᠦᠪᠤᠷᠢᠬᠦᠦ ᠭᠠᠷᠴᠦ ᠠᠮᠠᠨ ᠬᠦᠨᠳᠡᠢ ᠶᠢᠨ ᠲᠤᠯᠠᠭᠠᠨ | ᠲᠡᠬᠡᠭᠰᠢᠯᠡᠵᠦ᠂ ᠰᠢᠯᠤᠰᠤ ᠬᠦᠬᠡᠰᠦ ᠭᠤᠭᠤᠵᠢᠭᠤᠯᠤᠨ᠎ᠠ᠃ ᠲᠡᠬᠦᠨ ᠤ ᠤᠯᠠᠮ ᠢᠶᠠᠷ ᠢᠳᠡᠬᠦ᠂ ᠬᠢᠪᠢᠬᠦ ᠪᠠᠨ ᠪᠠᠶᠢᠨ᠎ᠠ᠃ | ᠮᠦᠨᠴᠦ ᠦᠬᠡᠷ ᠤᠨ ᠲᠤᠭᠤᠷᠠᠢ ᠶᠢᠨ ᠰᠠᠯᠠᠭ᠎ᠠ᠂ ᠲᠡᠯᠡᠩ ᠤᠨ ᠠᠷᠠᠰᠤᠨ ᠲᠡᠬᠡᠷ᠎ᠡ ᠤᠰᠤᠨ ᠴᠦᠪᠦᠷᠢᠬᠦᠦ ᠭᠠᠷᠴᠦ᠂ | ᠢᠯᠪᠤᠷᠠᠯᠳᠠ ᠡᠬᠦᠰᠦᠨ᠎ᠡ᠃ ᠦᠬᠦᠯᠳᠡ ᠶᠢᠨ ᠨᠤᠷᠮ᠎ᠠ ᠨᠡᠯᠢᠶᠡᠳ ᠲᠤᠤᠷ᠎ᠠ᠂ ᠪᠠᠷᠤᠭ 1 —3 % ᠪᠠᠶᠢᠳᠠᠭ᠃ | ᠬᠡᠪᠡᠴᠦ ᠲᠤᠭᠤᠯ ᠲᠤᠰ ᠡᠪᠡᠳᠴᠢᠨ ᠳᠤ ᠬᠠᠯᠳᠠᠪᠤᠷᠢᠯᠠᠭᠳᠠᠪᠠᠯ ᠴᠢᠰᠤ ᠭᠠᠷᠬᠤ ᠴᠢᠨᠠᠷᠳᠠᠢ ᠬᠡᠳᠡᠰᠦᠨ ᠤ ᠦᠷᠪᠢᠰᠦᠯ | ᠪᠠ ᠵᠢᠷᠦᠬᠡᠨ ᠪᠤᠯᠴᠢᠩ ᠤᠨ ᠦᠷᠪᠢᠰᠦᠯ ᠢᠯᠡᠷᠡᠵᠦ᠂ ᠦᠬᠦᠯᠳᠡ ᠶᠢᠨ ᠨᠤᠷᠮ᠎ᠠ ᠨᠢ 20% — 50% ᠳᠤ | ᠬᠦᠷᠳᠡᠭ᠃ | | ᠤᠨᠤᠰᠢᠯᠠᠬᠤ᠄ | ᠦᠬᠡᠷ᠂ ᠪᠡᠶ᠎ᠡ ᠶᠢᠨ ᠲᠤᠯᠠᠭᠠᠨ 40 —41 ᠭᠷᠠᠳᠦ᠋ᠰ ᠬᠦᠷᠴᠦ᠂ ᠬᠡᠯᠨ᠂ ᠲᠡᠬᠡᠳᠦ᠂ ᠲᠤᠤᠷᠠᠳᠤ ᠤᠷᠤᠭᠤᠯ | ᠤᠨ ᠰᠠᠯᠢᠰᠤᠳᠤ ᠪᠦᠷᠬᠦᠬᠦᠯ ᠳᠤ ᠤᠰᠤᠨ ᠴᠦᠪᠦᠷᠢᠬᠦᠦ ᠭᠠᠷᠴᠦ᠂ ᠬᠦᠬᠡᠰᠦ ᠶᠡᠬᠡᠳᠠᠢ ᠰᠢᠯᠤᠰᠤ ᠭᠤᠭᠤᠵᠢᠭᠤᠯᠤᠨ᠎ᠠ᠂ | ᠲᠤᠭᠤᠷᠠᠢ ᠶᠢᠨ ᠰᠠᠯᠠᠭ᠎ᠠ᠂ ᠲᠢᠳᠠᠮ᠂ ᠬᠠᠮᠠᠷ ᠤᠨ ᠲᠤᠯᠢ᠂ ᠬᠠᠮᠠᠷ ᠤᠨ ᠨᠦᠬᠡᠨ ᠤ ᠡᠷᠬᠢᠨ ᠲᠤᠭᠤᠷᠢᠨ᠂ ᠲᠡᠯᠡᠩ | ᠲᠡᠬᠡᠷ᠎ᠡ ᠤᠰᠤᠨ ᠴᠦᠪᠦᠷᠢᠬᠦᠦ ᠭᠠᠷᠴᠦ ᠤᠰᠤᠨ ᠴᠦᠪᠦᠷᠢᠬᠦᠦ ᠨᠢ ᠬᠠᠭᠠᠷᠠᠨ ᠢᠯᠪᠤᠷᠠᠯᠳᠠ ᠡᠬᠦᠰᠳᠡᠭ᠃ ᠤᠯᠠᠩᠬᠢ | ᠳᠠᠭᠠᠨ 1 ᠭᠠᠷᠠᠭ ᠤᠷᠴᠢᠮ ᠲᠠᠢ ᠪᠤᠯ ᠡᠳᠡᠬᠡᠷᠡᠳᠡᠭ᠃ ᠤᠨᠴᠠᠭᠠᠢ ᠵᠠᠷᠢᠮ ᠤᠨ ᠬᠢᠨᠢ ᠲᠤᠭᠤᠷᠠᠢ ᠶᠢᠨ ᠬᠠᠯᠢᠰᠤ ᠨᠢ | ᠮᠤᠯᠲᠤᠷᠠᠵᠤ᠂ ᠬᠠᠭᠠᠰ ᠰᠠᠷ᠎ᠠ ᠠᠴᠠ 1 ᠰᠠᠷ᠎ᠠ ᠶᠢᠨ ᠬᠤᠭᠤᠴᠠᠭ᠎ᠠ ᠶᠢ ᠦᠩᠬᠡᠷᠡᠬᠡᠵᠦ ᠰᠠᠶ᠋ᠢ ᠡᠳᠡᠬᠡᠷᠡᠳᠡᠭ᠃ | | ᠬᠤᠨᠢ᠄ ᠰᠢᠨᠵᠢ ᠲᠡᠮᠳᠡᠭ ᠨᠢ ᠨᠡᠯᠢᠶᠡᠳ ᠬᠦᠩᠬᠡᠨ᠂ ᠭᠤᠤᠯᠳᠠᠭᠤ ᠲᠤᠭᠤᠷᠠᠢ ᠶᠢᠨ ᠲᠢᠳᠡᠮ ᠨᠢ ᠢᠯᠵᠠᠷᠠᠵᠦ᠂ | ᠬᠦᠩᠬᠡᠨ ᠲᠤᠭᠤᠯᠳᠠᠬᠤ ᠢᠯᠡᠷᠡᠯ ᠭᠠᠷᠤᠨ᠎ᠠ᠃ ᠲᠠᠬᠢᠪᠠᠯ ᠠᠮᠠᠨ ᠬᠦᠨᠳᠡᠢ ᠳᠤᠨᠢ ᠤᠰᠤᠨ ᠴᠦᠪᠦᠷᠢᠬᠦᠦ᠂ ᠢᠯᠪᠤᠷᠠᠬᠤ | ᠲᠤᠯᠪᠤ ᠭᠠᠷᠤᠨ᠎ᠠ᠃ | ᠨᠢᠯᠬ᠎ᠠ ᠲᠦᠯ᠄ ᠬᠤᠷᠠᠭ᠎ᠠ ᠲᠤᠭᠤᠯ ᠳᠤ ᠬᠦᠨᠳᠦ ᠲᠦᠷᠬᠡᠨ ᠴᠢᠨᠠᠷᠳᠠᠢ ᠡᠪᠡᠳᠴᠢᠨ ᠤ ᠪᠠᠶᠢᠳᠠᠯ ᠢᠯᠡᠷᠡᠵᠦ | ᠦᠬᠦᠯᠳᠡ ᠶᠢᠨ ᠨᠤᠷᠮ᠎ᠠ ᠦᠨᠳᠦᠷ᠂ ᠤᠯᠠᠩᠬᠢ ᠳᠠᠭᠠᠨ ᠰᠢᠨᠵᠢ ᠲᠡᠮᠳᠡᠭ ᠢᠯᠡᠷᠡᠬᠦ ᠠᠴᠠ ᠡᠮᠦᠨ᠎ᠡ ᠵᠢᠷᠦᠬᠡᠨ ᠤ | ᠠᠵᠢᠯᠯᠠᠭ᠎ᠠ ᠮᠠᠭᠤᠳᠠᠵᠦ ᠦᠬᠦᠳᠡᠭ᠃ | | ᠰᠡᠷᠬᠡᠶᠢᠯᠡᠬᠦ᠄ | ᠦᠷᠬᠦᠯᠵᠢ ᠰᠢᠯᠦᠬᠡᠢ ᠡᠪᠡᠳᠴᠢᠨ ᠡᠬᠦᠰᠳᠡᠭ ᠪᠤᠶᠤ ᠲᠡᠯᠬᠡᠷᠡᠬᠦ ᠪᠤᠯᠤᠯᠴᠠᠭ᠎ᠠ ᠲᠠᠢ ᠭᠠᠵᠠᠷ ᠤᠷᠤᠨ | ᠬᠠᠯᠳᠠᠮᠠᠳᠠᠭᠠᠢ ᠠᠮᠢᠳᠠᠨ ᠳᠠᠭᠠᠨ ᠲᠤᠭᠳᠠᠭᠰᠠᠨ ᠬᠤᠭᠤᠴᠠᠭ᠎ᠠ ᠲᠠᠢ ᠲᠠᠷᠢᠯᠭ᠎ᠠ ᠲᠠᠷᠢᠨ᠎ᠠ᠃ ᠬᠢᠵᠢᠭ ᠦᠭᠡᠢ ᠤᠷᠤᠨ | ᠲᠤᠰ ᠭᠠᠵᠠᠷ ᠤᠨ ᠬᠠᠯᠳᠠᠮᠠᠳᠠᠭᠠᠢ ᠠᠮᠢᠳᠠᠨ ᠳᠤ ᠬᠢᠵᠢᠭ ᠤᠨ ᠪᠠᠶᠢᠴᠠᠭᠠᠯᠳᠠ ᠬᠢᠵᠦ ᠡᠪᠡᠳᠴᠢᠨ ᠲᠠᠢ ᠤᠷᠤᠨ ᠠᠴᠠ | ᠰᠠᠯᠠᠭ᠎ᠠ ᠲᠤᠭᠤᠷᠠᠶᠢᠳᠤ ᠠᠮᠢᠳᠠᠨ ᠵᠢᠴᠢ ᠲᠡᠳᠡᠨ ᠤ ᠲᠠᠭᠠᠯᠳᠠ ᠪᠦᠳᠦᠭᠡᠭᠳᠡᠬᠦᠨ ︵ᠰᠦ᠂ ᠮᠢᠬ᠎ᠠ᠂ ᠠᠷᠠᠰᠤ᠂ ᠨᠤᠤᠰᠤ | ︶ ᠤᠷᠤᠭᠤᠯᠬᠤ ᠶᠢ ᠴᠠᠭᠠᠵᠠᠯᠠᠨ᠎ᠠ᠃ ᠬᠡᠷᠪᠡ ᠡᠪᠡᠳᠴᠢᠨ ᠡᠬᠦᠰᠪᠡᠯ ᠲᠤᠰᠠᠭᠠᠷᠯᠠᠬᠤ ᠠᠷᠭ᠎ᠠ ᠬᠡᠮᠵᠢᠶ᠎ᠡ ᠠᠪᠴᠦ ᠠᠯᠠᠵᠦ | ᠤᠰᠠᠳᠬᠠᠨ᠎ᠠ᠃ ᠪᠤᠰᠤᠳ ᠮᠠᠯ ᠳᠤᠨᠢ ᠰᠢᠯᠦᠬᠡᠢ ᠡᠪᠡᠳᠴᠢᠨ ᠤ ᠪᠠᠴᠢᠮ ᠲᠠᠷᠢᠯᠭ᠎ᠠ ᠲᠠᠷᠢᠨ᠎ᠠ᠃ ᠡᠩ ᠤᠨ ᠴᠠᠭ ᠤᠨ | ᠠᠷᠠᠴᠢᠯᠠᠭ᠎ᠠ ᠲᠡᠵᠢᠬᠡᠯᠬᠡ ᠪᠠᠨ ᠰᠠᠶᠢᠵᠢᠷᠠᠭᠤᠯᠤᠨ᠎ᠠ᠃ ᠠᠷᠢᠭᠤᠳᠬᠠᠬᠤ ᠠᠵᠢᠯ ᠢ ᠰᠠᠶᠢᠨ ᠬᠢᠨ᠎ᠠ᠃ |