ᠡᠳᠦᠷ ᠪᠦᠷᠢ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖ ᠮᠠᠰᠢ ᠣᠯᠠᠨ ᠬᠥᠮᠥᠨ ᠡᠳᠦᠷ ᠪᠣᠯᠭᠠᠨ ᠪᠡᠶ᠎ᠡ | ᠪᠠᠨ ᠣᠬᠢᠶᠠᠬᠤ ᠲᠠᠳᠬᠠᠯ ᠲᠠᠢ ᠪᠠᠶᠢᠳᠠᠭ᠃ ᠬᠠᠯᠠᠭᠤᠨ ᠭᠠᠵᠠᠷ ᠲᠤ ᠪᠣᠯ ᠡᠳᠦᠷ ᠪᠣᠯᠭᠠᠨ ᠬᠤᠶᠠᠷ ᠣᠳᠠᠭ᠎ᠠ ᠣᠬᠢᠶᠠᠬᠤ | ᠶᠠᠪᠣᠳᠠᠯ ᠴᠣ᠋ ᠭᠠᠷᠳᠠᠭ᠃ ᠭᠡᠪᠡᠴᠦ ᠡᠮᠴᠢ ᠠᠴᠠ ᠪᠡᠶ᠎ᠡ ᠪᠠᠨ ᠡᠳᠦᠷ ᠪᠦᠷᠢ ᠣᠬᠢᠶᠠᠬᠤ ᠦᠬᠡᠢ ᠪᠣᠯ ᠰᠠᠶᠢᠨ ᠬᠡᠵᠦ | ᠰᠠᠨᠠᠭᠤᠯᠵᠦ ᠪᠠᠶᠢᠨ᠎ᠠ᠃ ᠣᠴᠢᠷ ᠨᠢ ᠶᠠᠭᠤ ᠬᠡᠪᠡᠯ ᠪᠡᠶ᠎ᠡ ᠣᠬᠢᠶᠠᠬᠤ ᠰᠢᠩᠬᠡᠨ ᠪᠣᠯᠣᠨ ᠦᠰᠦ ᠣᠬᠢᠶᠠᠬᠤ ᠰᠢᠩᠬᠡᠨ ᠨᠢ | ᠬᠦᠮᠣᠨ ᠤ ᠪᠡᠶ᠎ᠡ ᠶᠢᠨ ᠠᠷᠠᠰᠣᠨ ᠤ ᠪᠣᠵᠠᠷ ᠪᠣᠷᠳᠠᠭ ᠢ ᠠᠷᠢᠯᠭᠠᠬᠤ ᠶᠢᠨ ᠲᠠᠭᠠᠣ ᠠᠷᠠᠰᠣᠨ ᠤ ᠲᠣᠰᠣᠯᠢᠭ | ᠲᠠᠪᠬᠤᠷᠭ᠎ᠠ ᠶᠢ ᠴᠦ ᠠᠷᠢᠯᠭᠠᠳᠠᠭ᠃ ᠠᠷᠠᠰᠣᠨ ᠤ ᠲᠣᠰᠣᠯᠢᠭ ᠲᠠᠪᠬᠤᠷᠭ᠎ᠠ ᠨᠢ ᠠᠷᠠᠰᠣ ᠶᠢ ᠬᠠᠮᠠᠭᠠᠯᠠᠨ᠂ ᠠᠷᠠᠰᠣᠨ | ᠲᠠᠪᠬᠤᠷᠭ᠎ᠠ ᠳᠠᠬᠢ ᠣᠰᠣᠨ ᠤ ᠬᠡᠳᠦᠷᠬᠡᠢ ᠠᠭᠤᠷᠰᠢᠯ ᠢ ᠰᠡᠷᠬᠡᠶᠢᠯᠡᠳᠡᠭ ᠶᠤᠮ᠃ ᠣᠯᠠᠨᠲᠠ ᠪᠡᠶ᠎ᠡ ᠪᠠᠨ ᠤᠬᠢᠶᠠᠪᠠᠯ | ᠠᠷᠠᠰᠣᠨ ᠤ ᠲᠣᠰᠣᠯᠢᠭ ᠲᠠᠪᠬᠤᠷᠭ᠎ᠠ ᠶᠢ ᠡᠪᠳᠡᠬᠦ ᠪᠣᠯᠬᠤᠷ ᠬᠠᠭᠤᠷᠠᠶᠢᠰᠢᠬᠤ᠂ ᠵᠠᠭᠠᠳᠣᠨᠠᠬᠤ ᠵᠡᠷᠬᠡ ᠠᠷᠠᠰᠣᠨ ᠤ | ᠰᠡᠳᠡᠯᠳᠡ ᠶᠢ ᠪᠣᠢ ᠪᠣᠯᠭᠠᠳᠠᠭ᠃ | ᠬᠡᠳᠦᠢ ᠤᠳᠠᠭᠠᠳ ᠪᠡᠶ᠎ᠡ ᠪᠠᠨ ᠣᠬᠢᠶᠠᠬᠤ ᠨᠢ ᠰᠢᠨᠵᠢᠯᠡᠬᠦ ᠣᠬᠠᠭᠠᠨᠴᠢ ᠪᠣᠢ︖ ᠡᠬᠦᠨ ᠢ ᠪᠣᠳᠠᠲᠠᠢ | ᠲᠣᠭᠳᠠᠭᠠᠭᠰᠠᠨ ᠬᠦᠮᠦᠨ ᠭᠡᠵᠦ ᠪᠠᠶᠢᠬᠤ ᠦᠬᠡᠢ᠃ ᠥᠭᠡᠷ᠎ᠡ ᠪᠠᠷ ᠬᠡᠯᠡᠪᠡᠯ᠂ ᠣᠷᠴᠢᠨ ᠲᠣᠭᠤᠷᠢᠨ ᠪᠣᠯᠣᠨ ᠬᠤᠪᠢ | ᠬᠦᠮᠦᠨ ᠤ ᠰᠢᠯᠳᠠᠭᠠᠨ ᠢᠶᠠᠨ ᠦᠨᠳᠦᠰᠣᠯᠡᠬᠦ ᠬᠡᠷᠡᠭᠳᠠᠢ᠃ ᠬᠠᠯᠠᠭᠤᠨ ᠴᠠᠭ ᠲᠤ ᠢᠯᠡᠭᠦᠦ ᠣᠬᠢᠶᠠᠵᠦ᠂ ᠬᠦᠢᠳᠡᠨ ᠴᠠᠭ | ᠲᠤ ᠴᠦᠬᠡᠨ ᠰᠢᠭ ᠣᠬᠢᠶᠠᠬᠤ ᠨᠢ ᠵᠣᠬᠢᠰᠳᠠᠢ᠃ ᠡᠨᠡ ᠲᠠᠯ᠎ᠠ ᠪᠠᠷ ᠲᠣᠮᠳᠠᠳᠣ ᠣᠯᠣᠰ ᠤᠨ ᠠᠷᠠᠰᠣᠨ ᠤ ᠰᠠᠯᠠᠭᠠᠨ ᠤ | ᠨᠡᠶᠢᠬᠡᠮᠯᠢᠭ ᠤᠨ ᠨᠡᠶᠢᠳᠡᠯᠡᠭᠰᠡᠨ ︽ᠠᠷᠠᠰᠣ ᠶᠢ ᠴᠡᠪᠡᠷᠰᠢᠬᠦᠯᠬᠦ ᠲᠤᠬᠠᠢ ᠵᠦᠭᠯᠡᠭᠦᠷ︾ ᠢᠶᠠᠷ ᠯᠠᠪᠯᠠᠯᠳᠠ ᠪᠣᠯᠭᠠᠵᠦ | ᠪᠣᠯᠣᠨ᠎ᠠ᠃ ᠡᠭᠦᠨ ᠳᠤ ᠲᠡᠮᠳᠡᠭᠯᠡᠭᠰᠡᠨ ᠢᠶᠠᠷ᠄ ᠡᠩ ᠤᠨ ᠪᠠᠶᠢᠳᠠᠯ ᠳᠤ 2~3 ᠡᠳᠦᠷ ᠲᠤ ᠨᠢᠬᠡ ᠣᠳᠠᠭ᠎ᠠ ᠪᠡᠶ᠎ᠡ ᠪᠠᠨ | ᠣᠬᠢᠶᠠᠵᠦ᠂ ᠵᠣᠨ ᠤ ᠬᠠᠯᠠᠭᠤᠨ ᠴᠠᠭ ᠪᠣᠶᠣ ᠲᠠᠮᠢᠷ ᠤᠨ ᠬᠦᠳᠡᠯᠬᠡᠬᠡᠨ ᠳᠤ ᠲᠣᠷᠠᠳᠠᠢ ᠬᠦᠮᠦᠰ ᠡᠳᠦᠷ ᠪᠦᠷᠢ ᠪᠡᠶ᠎ᠡ | ᠪᠠᠨ ᠤᠬᠢᠶᠠᠵᠤ ᠪᠣᠯᠣᠨ᠎ᠠ᠃ ᠭᠠᠩ ᠬᠠᠭᠤᠷᠠᠢ ᠭᠠᠵᠠᠷ ᠣᠷᠣᠨ ᠪᠣᠶᠣ ᠡᠪᠦᠯ ᠤᠨ ᠬᠦᠢᠳᠡᠨ ᠳᠤ ᠨᠠᠰᠣᠳᠠᠢ ᠬᠦᠮᠦᠰ | 5~7 ᠡᠳᠦᠷ ᠲᠤ᠂ ᠵᠠᠯᠠᠭᠤᠴᠣᠳ 3~5 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠬᠤ ᠶᠢ ᠰᠠᠨᠠᠭᠤᠯᠵᠦ | ᠪᠠᠶᠢᠨ᠎ᠠ᠃ ᠪᠡᠶ᠎ᠡ ᠣᠬᠢᠶᠠᠬᠤ ᠠᠯᠬᠤᠮ ᠲᠠᠷᠠᠭ᠎ᠠ ᠶᠢᠨ ᠲᠣᠬᠠᠢ ᠬᠡᠪᠡᠯ᠂ ᠣᠷᠢᠳᠠᠪᠠᠷ ᠨᠢᠭᠤᠷ ᠢᠶᠠᠨ ᠣᠬᠢᠶᠠᠵᠦ᠂ ᠳᠠᠷᠠᠭ᠎ᠠ | ᠨᠢ ᠪᠡᠶ᠎ᠡ ᠪᠠᠨ ᠣᠬᠢᠶᠠᠨ᠂ ᠬᠠᠮᠤᠭ ᠤᠨ ᠰᠡᠬᠦᠯ ᠳᠤ ᠦᠰᠦ ᠪᠠᠨ ᠣᠬᠢᠶᠠᠬᠤ ᠨᠢ ᠲᠣᠬᠢᠷᠠᠮᠵᠢᠳᠠᠢ ᠶᠤᠮ᠃ | ᠪᠡᠶ᠎ᠡ ᠪᠠᠨ ᠣᠬᠢᠶᠠᠬᠤ ᠳᠤ ᠶᠠᠭᠤ ᠶᠢ ᠠᠩᠬᠠᠷᠬᠤ ᠴᠢᠬᠤᠯᠠᠲᠠᠢ ᠪᠣᠢ︖ 1. ᠭᠬᠢᠷ ᠠᠷᠢᠯᠭᠠᠬᠤ | ᠠᠯᠴᠢᠭᠤᠷ ᠢᠶᠠᠷ ᠪᠡᠶ᠎ᠡ ᠪᠠᠨ ᠰᠢᠷᠦᠬᠦᠨ ᠵᠦᠯᠬᠦᠬᠦ ᠨᠢ ᠠᠷᠠᠰᠣᠨ ᠤ ᠲᠠᠪᠬᠤᠷᠭ᠎ᠠ ᠶᠢ ᠡᠪᠳᠡᠬᠦ᠂ ᠴᠢᠨᠠᠭᠰᠢᠯᠠᠭᠠᠳ ᠰᠢᠷᠬ᠎ᠠ | ᠰᠣᠷᠪᠢ ᠦᠯᠡᠳᠡᠭᠡᠬᠦ ᠠᠶᠣᠯ ᠲᠠᠢ ᠪᠣᠯᠬᠤᠷ ᠪᠣᠯᠬᠤ ᠶᠢᠨ ᠲᠣᠳᠣᠷ᠎ᠠ ᠪᠢᠳᠡᠭᠡᠢ ᠰᠢᠷᠦᠬᠦᠨ ᠵᠦᠯᠬᠦᠬᠡᠷᠠᠢ᠃ 2. ᠪᠡᠶ᠎ᠡ | ᠣᠬᠢᠶᠠᠬᠤ ᠰᠢᠩᠬᠡᠨ ᠢ ᠪᠡᠶ᠎ᠡ ᠲᠦᠭᠦᠷᠡᠩ ᠲᠦᠷᠬᠢᠬᠦ ᠬᠡᠷᠡᠭ ᠦᠭᠡᠢ᠃ ᠦᠨᠡᠨᠳᠡᠬᠡᠨ ᠴᠡᠪᠡᠷ ᠣᠰᠣ ᠪᠠᠷ ᠪᠡᠶ᠎ᠡ ᠳᠡᠭᠡᠷᠡᠬᠢ | ᠭᠬᠢᠷ ᠢ ᠠᠷᠢᠯᠭᠠᠴᠢᠬᠠᠬᠤ ᠶᠤᠮ᠃ ᠬᠦᠯ᠂ ᠰᠣᠭᠤ ᠵᠡᠷᠬᠡ ᠭᠠᠵᠠᠷ ᠲᠦᠷᠬᠢᠪᠡᠯ ᠪᠣᠯᠴᠢᠬᠠᠨ᠎ᠠ᠃ ᠪᠡᠶ᠎ᠡ ᠣᠬᠢᠶᠠᠬᠤ | ᠰᠢᠩᠬᠡᠨ ᠢ ᠢᠩᠬᠢᠵᠦ ᠬᠡᠷᠡᠭᠯᠡᠪᠡᠯ ᠵᠣᠭᠤᠰ ᠠᠷᠪᠢᠯᠠᠬᠤ ᠪᠠᠷ ᠪᠠᠷᠠᠬᠤ ᠦᠭᠡᠢ ᠰᠠᠨᠠᠭᠠᠨ ᠳᠤ ᠦᠬᠡᠢ ᠠᠷᠠᠰᠣᠨ ᠤ | ᠬᠡᠮᠳᠦᠯ ᠠᠴᠠ ᠴᠣ᠋ ᠵᠠᠶᠢᠯᠠᠵᠦ ᠴᠢᠳᠠᠨ᠎ᠠ᠃ 3. ᠪᠡᠶ᠎ᠡ ᠪᠠᠨ ᠣᠬᠢᠶᠠᠮᠠᠭᠴᠨ ᠣᠨᠳᠠᠬᠤ ᠨᠢ ᠲᠡᠶᠢᠮᠦ ᠰᠠᠶᠢᠨ ᠪᠢᠰᠢ᠃ ᠪᠡᠶ᠎ᠡ | ᠪᠠᠨ ᠣᠬᠢᠶᠠᠬᠤ ᠦᠶᠡᠰ ᠠᠷᠠᠰᠣᠨ ᠤ ᠬᠢᠯᠭᠠᠰᠣᠨ ᠰᠣᠳᠠᠯ ᠲᠡᠯᠡᠵᠦ᠂ ᠪᠦᠬᠦ ᠪᠡᠶ᠎ᠡ ᠶᠢᠨ ᠴᠢᠰᠣᠨ ᠡᠷᠬᠢᠯᠳᠡ | ᠲᠦᠷᠬᠡᠰᠦᠨ᠂ ᠪᠡᠶ᠎ᠡ ᠬᠠᠷᠢᠴᠠᠩᠭᠤᠢ ᠰᠡᠷᠬᠡᠭ ᠪᠠᠶᠢᠳᠠᠯ ᠳᠤ ᠣᠷᠣᠳᠠᠭ ᠪᠣᠯᠬᠤᠷ ᠡᠨᠡ ᠦᠶ᠎ᠡ ᠳᠤ ᠣᠨᠳᠠᠪᠠᠯ ᠠᠮᠠᠷᠬᠠᠨ | ᠨᠣᠶᠢᠷ ᠬᠤᠯᠵᠢᠨ᠎ᠠ᠃ ᠡᠶᠢᠮᠦ ᠠᠴᠠ 1~2 ᠴᠠᠭ ᠤᠨ ᠲᠠᠷᠠᠭ᠎ᠠ ᠣᠨᠳᠠᠪᠠᠯ ᠬᠠᠮᠤᠭ ᠤᠨ ᠵᠣᠬᠢᠰᠳᠠᠢ ᠶᠣᠮ᠃ 4. ᠪᠡᠶ᠎ᠡ | ᠪᠠᠨ ᠣᠬᠢᠶᠠᠮᠠᠭᠴᠨ ᠠᠷᠠᠰᠣ ᠰᠢᠮᠡᠵᠢᠬᠦᠯᠬᠦ ᠲᠣᠰᠣ ᠲᠦᠷᠬᠢᠬᠡᠷᠠᠢ᠃ ᠣᠰᠣᠨ ᠳᠤ ᠣᠷᠣᠭᠰᠠᠨ ᠴᠣ᠋ ᠬᠦᠮᠦᠨ ᠤ ᠠᠷᠠᠰᠣ | ᠲᠡᠶᠢᠮᠦ ᠠᠷᠪᠢᠨ ᠣᠰᠣ ᠶᠢ ᠰᠢᠩᠬᠡᠬᠡᠵᠦ ᠴᠢᠳᠠᠬᠤ ᠦᠬᠡᠢ᠃ ᠣᠨᠴᠠᠭᠠᠶᠢᠯᠠᠨ ᠬᠠᠯᠠᠭᠤᠨ ᠣᠰᠣᠨ ᠳᠤ ᠪᠡᠶ᠎ᠡ ᠪᠠᠨ | ᠣᠬᠢᠶᠠᠭᠰᠠᠨ ᠤ ᠲᠠᠷᠠᠭ᠎ᠠ᠂ ᠠᠷᠠᠰᠣᠨ ᠤ ᠲᠣᠯᠠᠭᠠᠨ ᠤ ᠬᠡᠮᠵᠢᠶ᠎ᠠ ᠦᠨᠳᠦᠷᠰᠢᠵᠦ᠂ ᠲᠦᠷᠬᠡᠨ ᠠᠭᠤᠷᠰᠢᠳᠠᠭ ᠪᠣᠯᠬᠤᠷ | ᠠᠷᠠᠰᠣᠨ ᠤ ᠦᠩᠬᠡᠨ ᠲᠠᠪᠬᠤᠷᠭ᠎ᠠ ᠳᠠᠬᠢ ᠣᠰᠣ ᠦᠬᠡᠢ ᠪᠣᠯᠵᠦ᠂ ᠠᠷᠠᠰᠣ ᠬᠠᠭᠤᠷᠠᠶᠢᠰᠢᠳᠠᠭ᠃ | ᠡᠶᠢᠮᠦ ᠠᠴᠠ ᠪᠡᠶ᠎ᠡ ᠬᠠᠳᠠᠬᠤ ᠠᠴᠠ ᠡᠮᠦᠨ᠎ᠡ ᠠᠷᠠᠰᠣ ᠰᠢᠮᠡᠵᠢᠬᠦᠯᠬᠦ ᠲᠣᠰᠣ ᠲᠦᠷᠬᠢᠪᠡᠯ ᠠᠷᠠᠰᠣᠨ ᠤ | ᠲᠠᠪᠬᠤᠷᠭ᠎ᠠ ᠶᠢᠨ ᠣᠰᠣ ᠶᠢ ᠬᠠᠮᠠᠭᠠᠯᠠᠵᠦ ᠴᠢᠳᠠᠬᠤ ᠪᠠᠷ ᠦᠯᠦ ᠪᠠᠷᠠᠮ ᠠᠷᠠᠰᠣ ᠶᠢ ᠬᠠᠮᠠᠭᠠᠯᠠᠵᠦ ᠴᠢᠳᠠᠨ᠎ᠠ᠃ |