ᠨᠢᠭᠡ ᠦᠳᠡ ᠶᠢᠨ ᠡᠮᠦᠨ᠎ᠡ ᠶᠠᠭᠠᠷᠠᠯᠳᠠᠢ ᠪᠠᠷ ᠠᠵᠢᠯᠯᠠᠭᠠᠳ ᠬᠠᠮᠤᠭ ᠰᠠᠶᠢᠨ ᠨᠢ ᠨᠢᠭᠡ ᠤᠨᠲᠠᠵᠤ ᠠᠮᠠᠷᠠᠨ᠂ | ᠪᠡᠶ᠎ᠡ ᠪᠠᠨ ᠴᠡᠨᠡᠭᠯᠡᠪᠡᠯ ᠵᠤᠬᠢᠯᠳᠠᠢ᠃ ᠰᠸᠢᠰ ᠤᠨ ᠯᠣᠰᠠᠨ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ | ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠭᠠᠷᠠᠭ ᠪᠦᠷᠢ 1 ~ 2 ᠤᠳᠠᠭ᠎ᠠ ᠦᠳᠡ ᠳᠤ ᠤᠨᠲᠠᠪᠠᠯ ᠵᠢᠷᠦᠬᠡᠨ | ᠡᠪᠡᠳᠴᠢᠨ ᠬᠥᠳᠡᠯᠬᠦ ᠪᠠ ᠰᠠ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠤᠨ᠎ᠠ᠃ | ᠰᠤᠳᠤᠯᠤᠭᠴᠢᠳ ᠰᠸᠢᠰ ᠤᠨ ᠯᠤᠰᠠᠨ ᠳᠤ 35 ~ 72 ᠨᠠᠰᠤᠨ ᠤ ᠬᠤᠭᠤᠷᠣᠨᠳᠣᠬᠢ 3462 ᠰᠠᠭᠤᠭᠠᠯᠢ | ᠠᠷᠠᠳ ᠢ ᠰᠣᠩᠭᠤᠵᠦ᠂ ᠲᠡᠲᠡᠨ ᠳᠤ ᠠᠩᠬ᠎ᠠ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠵᠦ᠂ ᠲᠦᠷᠦᠭᠦᠤ ᠭᠠᠷᠠᠭ ᠤᠨ | ᠤᠨᠲᠠᠬᠰᠠᠨ ᠪᠠᠶᠢᠳᠠᠯ ᠪᠠ ᠦᠳᠡ ᠳᠤ ᠤᠨᠲᠠᠬᠰᠠᠨ ᠲᠤᠬᠠᠢ ᠵᠠᠭᠪᠤᠷ ᠮᠡᠳᠡᠭᠡ ᠵᠠᠩᠭᠢ ᠴᠤᠭᠯᠠᠭᠤᠯᠵᠤ᠂ ᠳᠠᠷᠠᠭ᠎ᠠ ᠨᠢ | ᠲᠡᠲᠡᠨ ᠳᠤ 5 ᠵᠢᠯ ᠤᠨ ᠬᠤᠭᠤᠴᠠᠭ᠎ᠠ ᠲᠠᠢ ᠮᠦᠷᠳᠡᠨ ᠪᠠᠶᠢᠴᠠᠭᠠᠯᠳᠠ ᠬᠢᠵᠡᠶ᠃ 58% ᠶᠢᠨ ᠣᠷᠣᠯᠴᠠᠭᠴᠢ ᠨᠢ | ᠲᠦᠷᠦᠭᠦᠤ ᠭᠠᠷᠠᠭ ᠤᠨ ᠦᠳᠡ ᠳᠤ ᠤᠨᠲᠠᠭᠰᠠᠨ ᠥᠬᠡᠶ ᠬᠡᠵᠦ᠂ 19% ᠶᠢᠨ ᠣᠷᠣᠯᠴᠠᠭᠴᠢ ᠨᠢ ᠲᠦᠷᠦᠬᠦᠦ | ᠭᠠᠷᠠᠭ ᠤᠨ ᠦᠳᠡ ᠳᠤ 1 ~ 2 ᠤᠳᠠᠭ᠎ᠠ ᠤᠨᠲᠠᠪᠠ ᠬᠡᠵᠦ᠂ 12% ᠤᠨ ᠤᠷᠤᠯᠴᠠᠬᠴᠢ ᠨᠢ ᠲᠦᠷᠦᠬᠦᠦ | ᠭᠠᠷᠠᠭ ᠤᠨ ᠦᠳᠡ ᠳᠤ 3 ~ 5 ᠤᠳᠠᠭ᠎ᠠ ᠤᠨᠲᠠᠪᠠ ᠬᠡᠵᠦ᠂ 11% ᠶᠢᠨ ᠣᠷᠣᠯᠴᠠᠭᠴᠢ ᠨᠢ ᠲᠦᠷᠦᠬᠦᠦ | ᠭᠠᠷᠠᠭ ᠤᠨ ᠦᠳᠡ ᠳᠤ 6 ~ 7 ᠤᠳᠠᠭ᠎ᠠ ᠤᠨᠲᠠᠪᠠ ᠬᠡᠵᠡᠢ᠃ ᠰᠤᠳᠤᠯᠤᠭᠴᠢᠳ᠂ ᠦᠷᠭᠦᠯᠵᠢ ᠦᠳᠡ ᠳᠤ ᠤᠨᠲᠠᠳᠠᠭ | ᠬᠥᠮᠦᠨ ︵ᠭᠠᠷᠠᠭ ᠪᠦᠷᠢ 3 ~ 7 ᠤᠳᠠᠭ᠎ᠠ︶ ᠤ ᠣᠯᠠᠩᠬᠢ ᠨᠢ ᠲᠡᠳᠡᠭᠡᠷ ᠦᠳᠡ ᠳᠤ ᠤᠨᠲᠠᠳᠠᠭ ᠥᠬᠡᠶ | ᠬᠥᠮᠦᠨ ᠠᠴᠠ ᠨᠠᠰᠤ ᠪᠠᠷ ᠶᠡᠭᠡ ᠪᠥᠭᠡᠳ ᠡᠷᠡᠭᠲᠡᠶ᠂ ᠲᠠᠮᠠᠬᠢ ᠲᠠᠲᠠᠳᠠᠭ᠂ ᠮᠠᠷᠢᠶᠠᠳᠠᠢ᠂ ᠣᠷᠣᠢ ᠤᠨᠲᠠᠳᠠᠭ ᠬᠥᠮᠦᠨ | ᠪᠤᠯᠬᠤ ᠶᠢ ᠤᠯᠵᠤ ᠮᠡᠳᠡᠵᠡᠢ᠃ ᠮᠦᠷᠳᠡᠨ ᠪᠠᠶᠢᠴᠠᠭᠠᠯᠳᠠ ᠬᠢᠵᠦ ᠪᠠᠶᠢᠬᠤ ᠬᠤᠭᠤᠴᠠᠭᠠᠨ ᠳᠤ ᠦᠭᠦᠭᠦᠯᠭᠦ ᠴᠢᠨᠠᠷᠳᠠᠢ | ᠪᠠ ᠦᠬᠦᠬᠦᠯᠬᠦ ᠪᠤᠰᠤ ᠴᠢᠨᠠᠷᠳᠠᠢ ᠵᠢᠷᠦᠭᠡ ᠴᠢᠰᠤᠨ ᠰᠤᠳᠠᠯ ᠤᠨ ᠡᠪᠡᠳᠴᠢᠨ 155 ᠡᠭᠦᠰᠴᠡᠢ᠃ ᠵᠠᠳᠠᠯᠤᠯᠲᠠ ᠶᠢᠨ | ᠳ᠋ᠦᠡᠭ ᠳᠤ ᠢᠯᠡᠷᠡᠬᠦᠯᠦᠭᠰᠡᠨ ᠢᠶᠠᠷ᠂ ᠦᠳᠡ ᠳᠤ ᠤᠨᠲᠠᠳᠠᠭ ᠥᠬᠡᠶ ᠬᠥᠮᠦᠨ ᠲᠠᠢ ᠠᠳᠠᠯᠢᠳᠬᠠᠪᠠᠯ᠂ ᠬᠠᠶᠠ | ᠵᠠᠷᠢᠮ ᠳᠠᠭᠠᠨ ᠦᠳᠡ ᠳᠤ ᠤᠨᠲᠠᠳᠠᠭ ︵ᠭᠠᠷᠠᠭ ᠲᠤ 1 ~ 2 ᠤᠳᠠᠭ᠎ᠠ︶ ᠬᠥᠮᠦᠨ ᠤ ᠵᠢᠷᠦᠬᠡᠨ ᠡᠪᠡᠳᠴᠢᠨ | ᠬᠦᠳᠡᠯᠬᠦ᠂ ᠰᠠ ᠡᠪᠡᠳᠴᠢᠨ᠂ ᠵᠢᠷᠦᠬᠡ ᠳᠣᠷᠦ᠋ᠢᠲᠠᠬᠤ ᠡᠪᠡᠳᠴᠢᠨ ᠳᠤ ᠨᠡᠷᠪᠡᠭᠳᠡᠬᠦ ᠲᠦᠭᠰᠢᠭᠦᠷᠢ 48% ᠠᠴᠠ | ᠳᠣᠤᠷ᠎ᠠ ᠪᠠᠶᠢᠳᠠᠭ᠃ ᠡᠳᠦᠷ ᠲᠡᠩᠳᠡᠭᠦᠦ ᠮᠠᠩᠰᠢᠭᠤᠷᠠᠨ ᠤᠨᠳᠠᠬᠤ᠂ ᠭᠠᠩᠰᠠᠷᠠᠬᠤ ᠪᠠ ᠣᠷᠣᠢ ᠪᠦᠷᠢ ᠠᠳᠠᠭ ᠲᠠᠭᠠᠨ 6 | ᠴᠠᠭ ᠤᠨᠲᠠᠬᠤ ᠵᠡᠷᠭᠡ ᠡᠯᠧᠮᠧᠨ᠋ᠲ ᠢ ᠪᠣᠳᠣᠯᠬᠢᠯᠠᠭᠰᠠᠨ ᠤ ᠳᠠᠷᠠᠭ᠎ᠠ ᠴᠦ ᠬᠡᠳ ᠡᠶᠢᠮᠦᠷᠬᠦ ᠬᠤᠯᠪᠣᠭᠳᠠᠯᠳᠤ ᠴᠢᠨᠠᠷ ᠨᠢ | ᠮᠦᠨᠬᠦ ᠬᠤᠪᠢᠷᠠᠬᠰᠠᠨ ᠦᠭᠡᠢ᠂ ᠭᠠᠭᠴᠠᠬᠦ ᠨᠠᠰᠤ ᠨᠡᠯᠢᠶᠡᠳ ᠠᠬᠢᠭᠰᠠᠨ ᠪᠤᠶᠤ ᠤᠨᠲᠠᠬᠤ ᠪᠠ ᠠᠮᠢᠰᠬᠤᠯ ᠲᠦᠷ | ᠵᠣᠭᠰᠣᠬᠤ ᠬᠦᠨᠳᠦ ᠬᠡᠴᠡᠭᠦᠦ ᠶᠡᠷᠦᠩᠬᠡᠶᠢᠯᠡᠭᠰᠡᠨ ᠭᠡᠮ ᠲᠠᠢ ᠬᠦᠮᠦᠰ ᠤᠨ ᠡᠨᠡᠬᠦ ᠬᠤᠯᠪᠣᠭᠳᠠᠯᠳᠤ ᠴᠢᠨᠠᠷ ᠨᠢ | ᠨᠥᠯᠥᠭᠡᠯᠡᠭᠳᠡᠵᠦ ᠪᠤᠢ᠃ |