ᠤᠯᠠᠭᠠᠨ ᠬᠤᠭᠤᠯᠠᠢ ᠶᠢᠨ ᠦᠮᠡᠨ ᠤ ᠡᠭᠦᠰᠤᠯ ᠢᠳᠡᠭᠡᠨ ᠤᠮᠳᠠᠭᠠᠨ ᠤ ᠳᠠᠳᠬᠠᠯ ᠲᠠᠢ ᠨᠢᠬᠳᠠ | ᠬᠤᠯᠪᠤᠭ᠎ᠠ ᠲᠠᠢ ᠪᠠᠶᠢᠳᠠᠭ᠃ ᠤᠳᠤᠮᠯᠠᠯ ᠤᠨ ᠭᠧᠨ ᠲᠠᠢ ᠬᠤᠯᠪᠤᠭ᠎ᠠ ᠲᠠᠢ ᠪᠠᠶᠢᠳᠠᠭ ᠠᠴᠠ ᠭᠠᠳᠠᠨ᠎ᠠ᠂ 90% | ᠤᠷᠴᠢᠮ ᠤᠨ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠭᠰᠡᠳ ᠨᠢ ᠡᠷᠡᠭᠦᠯ ᠪᠤᠰᠤ ᠢᠳᠡᠭᠡᠨ ᠤᠮᠳᠠᠭᠠᠨ ᠤ | ᠳᠠᠳᠬᠠᠯ ᠲᠠᠢ ᠪᠠᠶᠢᠨ᠎ᠠ ᠭᠡᠵᠦ ᠡᠮᠴᠢᠯᠡᠭᠡᠨ ᠤ ᠰᠤᠳᠤᠯᠭᠠᠨ ᠳᠤ ᠳᠤᠰᠬᠠᠬᠰᠠᠨ ᠪᠠᠶᠢᠨ᠎ᠠ᠃ ᠮᠠᠨ ᠤ ᠤᠯᠤᠰ ᠤᠨ | ᠰᠠᠭᠤᠭᠠᠯᠢ ᠠᠷᠠᠳ ᠤᠨ ᠰᠠᠨᠠᠭᠠᠨ ᠳᠠᠭᠠᠨ ᠠᠪᠳᠠᠭ ᠦᠭᠡᠢ ᠵᠠᠷᠢᠮ ᠢᠳᠡᠭᠡᠨ ᠤ ᠳᠠᠳᠬᠠᠯ ᠠᠴᠠ ᠳᠤᠷᠠᠳᠪᠠᠯ᠄ | ᠱᠤᠷᠪᠤᠭ᠄ ᠳᠠᠪᠤᠰᠤᠯᠠᠭᠰᠠᠨ᠂ ᠤᠳᠤᠭᠰᠠᠨ᠂ ᠰᠢᠷᠠᠭᠰᠠᠨ ᠢᠳᠡᠭᠡᠨ ᠢᠳᠡᠬᠦ ᠳᠤᠷᠠᠳᠠᠢ᠃ ᠳᠠᠪᠤᠰᠤᠯᠠᠬᠤ ᠨᠢ | ᠢᠳᠡᠭᠡᠨ ᠤ ᠳᠤᠳᠠᠭᠤ ᠠᠽᠦᠲ ᠬᠦᠴᠢᠯ ᠤᠨ ᠳᠠᠪᠤᠰᠤ ᠶᠢᠨ ᠠᠭᠤᠯᠤᠭᠳᠠᠴᠠ ᠶᠢ ᠢᠯᠡᠷᠭᠡᠢ ᠨᠡᠮᠡᠭᠳᠡᠭᠦᠯᠳᠡᠭ᠂ | ᠤᠨᠴᠠᠭᠠᠢᠢᠯᠠᠨ ᠳᠠᠪᠤᠰᠤ ᠪᠠᠭ᠎ᠠ ᠬᠢᠵᠦ ᠪᠤᠶᠤ 20 ᠭᠷᠡᠳᠦ᠋ᠰ ᠠᠴᠠ ᠦᠨᠳᠦᠷ ᠳᠤᠯᠠᠭᠠᠨ ᠳᠤ ᠢᠰᠭᠡᠬᠦ ᠳᠤ ᠢᠳᠡᠰᠢᠨ | ᠨᠤᠭᠤᠭ᠎ᠠ ᠳᠠᠬᠢ ᠳᠤᠳᠠᠭᠤ ᠠᠽᠤᠲ ᠬᠦᠴᠢᠯ ᠤᠨ ᠳᠠᠪᠤᠰᠤ ᠶᠢᠨ ᠠᠭᠤᠯᠤᠭᠳᠠᠴᠠ ᠨᠡᠮᠡᠭᠳᠡᠵᠦ᠂ ᠳᠤᠳᠠᠭᠤ ᠠᠽᠤᠲ | ᠬᠦᠴᠢᠯ ᠤᠨ ᠳᠠᠪᠤᠰᠤ ᠶᠢᠨ ᠠᠭᠤᠯᠤᠭᠳᠠᠴᠠ ᠦᠨᠳᠦᠷ ᠪᠤᠯᠬᠤ ᠳᠤᠳᠤᠮ ᠦᠮᠡᠨ ᠡᠭᠦᠰᠭᠡᠬᠦ ᠠᠶᠤᠯ ᠨᠢ ᠤᠯᠠᠮ ᠶᠡᠭᠡ | ᠪᠠᠶᠢᠳᠠᠭ᠃ ᠤᠯᠠᠭᠠᠨ ᠬᠤᠭᠤᠯᠠᠢ ᠶᠢᠨ ᠦᠮᠡᠨ ᠤᠯᠠᠨ ᠡᠭᠦᠰᠳᠡᠭ ᠭᠠᠵᠠᠷ ᠤᠷᠤᠨ ᠤ ᠰᠠᠭᠤᠭᠠᠯᠢ ᠠᠷᠠᠳ ᠨᠢ | ᠵᠢᠶᠡᠩ ᠤᠨ ᠵᠦᠢᠯ᠂ ᠵᠢᠶᠠᠩ ᠲᠠᠢ ᠨᠤᠭᠤᠭ᠎ᠠ ᠵᠡᠷᠭᠡ ᠳᠠᠪᠤᠰᠤᠯᠠᠵᠤ ᠢᠰᠭᠡᠭᠰᠡᠨ ᠢᠳᠡᠭᠡᠨ ᠢᠯᠡᠭᠦᠦ ᠢᠳᠡᠳᠡᠭ | ᠳᠠᠳᠬᠠᠯ ᠲᠠᠢ ᠪᠠᠶᠢᠨ᠎ᠠ ᠭᠡᠳᠡᠭ ᠢ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ ᠡᠭᠦᠨ ᠠᠴᠠ ᠭᠠᠳᠠᠨ᠎ᠠ ᠱᠤᠷᠤᠯᠭ᠎ᠠ᠂ | ᠤᠳᠤᠭᠰᠠᠨ ᠢᠳᠡᠭᠡᠨ᠂ ᠳᠤᠰᠤᠨ ᠳᠤ ᠪᠤᠴᠠᠯᠭᠠᠭᠰᠠᠨ ᠢᠳᠡᠭᠡᠨ ᠳᠤ ᠴᠤ ᠳᠤᠳᠠᠭᠤ ᠠᠽᠤᠲ ᠬᠦᠴᠢᠯ ᠤᠨ ᠡᠯᠪᠡᠭ | ᠠᠭᠤᠯᠤᠭᠳᠠᠳᠠᠭ᠃ | ᠬᠠᠯᠠᠭᠤᠨ᠄ ᠬᠠᠯᠠᠭᠤᠨ ᠳᠤᠨᠢ ᠢᠳᠡᠵᠦ ᠤᠤᠭᠤᠬᠤ ᠳᠤᠷᠠᠳᠠᠢ᠃ ᠳᠤᠮᠳᠠᠳᠤ ᠤᠯᠤᠰ ᠤᠨ ᠬᠦᠮᠦᠨ | ᠬᠤᠭᠤᠯᠠ ᠪᠠᠨ ᠬᠠᠯᠠᠭᠤᠨ ᠳᠤᠨᠢ ᠢᠳᠡᠬᠦ ᠳᠠᠳᠬᠠᠯ ᠲᠠᠢ ᠪᠠᠶᠢᠳᠠᠭ᠃ ᠤᠯᠠᠭᠠᠨ ᠬᠤᠭᠤᠯᠠᠢ ᠶᠢᠨ ᠰᠠᠯᠢᠰᠦᠳᠦ | ᠪᠦᠷᠭᠦᠪᠴᠢ ᠶᠢᠨ ᠬᠡᠪ ᠤᠨ ᠬᠠᠯᠠᠭᠤᠨ ᠢ ᠳᠠᠭᠠᠭᠠᠬᠤ ᠬᠡᠮᠵᠢᠶ᠎ᠠ ᠨᠢ 40 — 50 ᠼᠧᠯᠰ ᠤᠨ ᠭᠷᠡᠳᠦ᠋ᠰ ᠪᠠᠶᠢᠳᠠᠭ᠂ | ᠡᠨᠡ ᠬᠦ ᠭᠡᠪᠴᠢᠶ᠎ᠠ ᠠᠴᠠ ᠭᠡᠳᠦᠷᠡᠪᠡᠯ ᠤᠯᠠᠭᠠᠨ ᠬᠤᠭᠤᠯᠠᠢ ᠶᠢᠨ ᠰᠠᠯᠢᠰᠤᠳᠤ ᠪᠦᠷᠭᠦᠪᠴᠢ ᠶᠢ ᠭᠡᠮᠳᠦᠭᠡᠵᠦ ᠰᠢᠷᠬᠠᠯᠠᠯ | ᠵᠡᠷᠭᠡ ᠶᠢ ᠡᠭᠦᠰᠭᠡᠳᠡᠭ᠃ ᠰᠠᠯᠢᠰᠤᠳᠤ ᠪᠦᠷᠭᠦᠪᠴᠢ ᠶᠢᠨ ᠬᠠᠯᠢᠰᠦ ᠨᠢ ᠳᠠᠬᠢᠵᠤ ᠤᠷᠭᠤᠬᠤ ᠪᠠ ᠦᠪᠡᠷ ᠢ ᠪᠠᠨ ᠵᠠᠰᠠᠨ | ᠰᠡᠯᠪᠢᠬᠦ ᠴᠢᠳᠠᠪᠬᠢ ᠲᠠᠢ ᠪᠠᠶᠢᠳᠠᠭ ᠪᠤᠯᠪᠠᠴᠤ ᠤᠷᠳᠤ ᠬᠤᠭᠤᠴᠠᠭ᠎ᠠ ᠪᠠᠷ ᠪᠠᠶᠢᠨ ᠳᠠᠬᠢᠨ ᠰᠡᠳᠡᠯᠳᠡ ᠦᠭᠭᠦᠭᠡᠳ | ᠪᠠᠶᠢᠪᠠᠯ ᠰᠠᠯᠢᠰᠤᠳᠤ ᠪᠦᠷᠭᠦᠪᠴᠢ ᠳᠤ ᠤᠳᠠᠭᠠᠨ ᠴᠢᠨᠠᠷᠳᠠᠢ ᠬᠤᠬᠢᠷᠠᠭᠤᠯᠤᠯ ᠤᠴᠠᠷᠠᠭᠤᠯᠵᠤ ᠦᠮᠡᠨ ᠡᠭᠦᠰᠭᠡᠬᠦ | ᠠᠶᠤᠯ ᠲᠠᠢ ᠪᠠᠶᠢᠳᠠᠭ᠃ | ᠬᠤᠷᠳᠤᠨ᠄ ᠬᠤᠭᠤᠯᠠ ᠪᠠᠨ ᠬᠤᠷᠳᠤᠨ ᠢᠳᠡᠳᠡᠭ᠃ ᠬᠤᠭᠤᠯᠠ ᠪᠠᠨ ᠰᠠᠶᠢᠨ ᠵᠠᠵᠢᠯᠬᠤ ᠦᠭᠡᠢ ᠬᠤᠷᠳᠤᠨ | ᠢᠳᠡᠬᠦ ᠪᠠᠷ ᠪᠦᠬᠦᠯᠢ ᠬᠠᠭ᠋ᠤᠤᠯᠢ ᠢᠳᠡᠭᠡᠨ ᠨᠢ ᠤᠯᠠᠭᠠᠨ ᠬᠤᠭᠤᠯᠠᠢ ᠶᠢᠨ ᠰᠠᠯᠢᠰᠦᠳᠦ ᠪᠦᠷᠬᠦᠪᠴᠢ ᠶᠢᠨ ᠬᠠᠯᠢᠰᠦ ᠶᠢ | ᠭᠡᠮᠳᠦᠭᠡᠵᠦ᠂ ᠳᠦᠷᠭᠡᠨ ᠴᠢᠨᠠᠷᠳᠠᠢ ᠦᠷᠪᠢᠰᠦᠯ ᠡᠭᠦᠰᠭᠡᠳᠡᠭ ᠪᠠ ᠤᠳᠠᠭᠠᠨ ᠳᠠᠭᠠᠨ ᠤᠵᠢᠬ ᠴᠢᠨᠠᠷᠳᠠᠢ ᠦᠷᠪᠢᠰᠦᠯ | ᠪᠤᠯᠵᠤ᠂ ᠴᠢᠨᠠᠬᠰᠢᠳᠠ ᠪᠠᠨ ᠦᠮᠡᠨ ᠤ ᠠᠶᠤᠯ ᠢ ᠪᠤᠢ ᠪᠤᠯᠭᠠᠳᠠᠭ᠃ | ᠠᠷᠢᠬᠢ᠄ ᠦᠨᠳᠦᠷ ᠭᠷᠡᠳᠦ᠋ᠰ ᠤᠨ ᠠᠷᠢᠬᠢ ᠤᠤᠭᠤᠬᠤ ᠳᠤᠷᠠᠳᠠᠢ᠃ ᠠᠷᠢᠬᠢ ᠤᠤᠭᠤᠬᠤ ᠪᠤᠯ ᠳᠤᠮᠳᠠᠳᠤ | ᠤᠯᠤᠰ ᠤᠨ ᠢᠳᠡᠭᠡᠨ ᠤᠮᠳᠠᠭᠠᠨ ᠤ ᠰᠤᠶᠤᠯ ᠪᠠ ᠳᠠᠳᠬᠠᠯ ᠤᠨ ᠤᠨᠴᠠᠯᠢᠬ ᠪᠤᠯᠤᠨ᠎ᠠ᠂ ᠳᠡᠭᠡᠭᠡᠳ ᠦᠨᠳᠦᠷ | ᠭᠷᠡᠳᠦ᠋ᠰ ᠤᠨ ᠠᠷᠢᠬᠢ ᠤᠤᠭᠤᠬᠤ ᠳᠤᠷᠠᠳᠠᠢ ᠨᠢ ᠢᠯᠡᠭᠦᠦ ᠪᠠᠶᠢᠳᠠᠭ᠃ ᠰᠫᠢᠷᠲ ᠨᠢ ᠤᠯᠠᠭᠠᠨ ᠬᠤᠭᠤᠯᠠᠢ ᠶᠢᠨ | ᠰᠠᠯᠢᠰᠦᠳᠦ ᠪᠦᠷᠭᠦᠪᠴᠢ ᠳᠤ ᠰᠡᠳᠡᠯᠳᠡ ᠦᠭᠳᠡᠭ᠂ ᠳᠡᠷᠡᠴᠢᠯᠡᠨ 60 ᠭᠷᠡᠳᠦ᠋ᠰ ᠠᠴᠠ ᠳᠠᠪᠠᠭᠰᠠᠨ ᠬᠠᠷ᠎ᠠ ᠠᠷᠢᠬᠢᠨ ᠤ | ᠬᠤᠬᠢᠷᠠᠭᠤᠯᠤᠯ ᠨᠢ ᠤᠨᠴᠠᠭᠠᠢ ᠶᠡᠭᠡ ᠭᠡᠳᠡᠭ ᠢ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ᠰᠧᠧᠳᠧᠨ ᠤ | ᠰᠤᠳᠤᠯᠭᠠᠳᠠᠳ᠂ 45 ᠨᠠᠰᠤᠨ ᠠᠴᠠ ᠳᠡᠭᠡᠭᠰᠢᠬᠢ ᠡᠷᠡᠭᠳᠡᠶᠢᠴᠤᠳ ᠠᠷᠢᠬᠢ ᠪᠠᠭ᠎ᠠ ᠤᠤᠭᠤᠬᠤ ᠪᠤᠶᠤ ᠠᠷᠢᠬᠢ | ᠤᠤᠭᠤᠬᠤ ᠦᠭᠡᠢ ᠪᠤᠯ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠬᠦ ᠠᠶᠤᠯ ᠨᠢ ᠬᠠᠭᠠᠰ ᠢᠶᠠᠷ ᠪᠠᠭᠤᠷᠠᠬᠤ | ᠪᠤᠯᠤᠯᠴᠠᠭ᠎ᠠ ᠲᠠᠢ ᠭᠡᠳᠡᠭ ᠢ ᠰᠤᠳᠤᠯᠭᠠᠨ ᠢᠶᠠᠷ ᠢᠯᠡᠷᠡᠭᠦᠯᠦᠭᠰᠡᠨ ᠪᠠᠶᠢᠨ᠎ᠠ᠃ | ᠭᠤᠱᠤᠭᠤᠨ᠄ ᠬᠦᠯᠦᠰᠦ ᠴᠢᠬᠢᠭᠯᠡᠵᠤ ᠪᠡᠶ᠎ᠡ ᠳᠠᠯᠪᠢᠭᠤᠷᠠᠨᠠ᠃ ᠡᠨᠡᠳᠭᠡᠭ ᠤᠨ ᠬᠢᠨ ᠤ ᠰᠤᠳᠤᠯᠵᠤ | ᠢᠯᠡᠷᠡᠭᠦᠯᠦᠭᠰᠡᠨ ᠢᠶᠠᠷ᠂ ᠯᠠᠵᠤᠤ ᠶᠢᠨ ᠨᠤᠨᠳᠠᠭ ᠨᠢ ᠤᠯᠠᠭᠠᠨ ᠬᠤᠭᠤᠯᠠᠢ ᠶᠢᠨ ᠦᠮᠡᠨ ᠤ ᠠᠶᠤᠯ ᠢ 1 — 2 | ᠳᠠᠬᠢᠨ ᠨᠡᠮᠡᠭᠳᠡᠭᠦᠯᠳᠡᠭ᠃ ᠯᠠᠵᠤᠤ ᠢᠳᠡᠬᠦ ᠳᠤᠷᠠᠳᠠᠢ ᠰᠧᠴᠤᠸᠠᠨ ᠤ ᠬᠤᠶᠢᠳᠤ ᠭᠡᠰᠡᠭ ᠪᠤᠯ ᠮᠠᠨ ᠤ ᠤᠯᠤᠰ ᠤᠨ | ᠤᠯᠠᠭᠠᠨ ᠬᠤᠭᠤᠯᠠᠢ ᠶᠢᠨ ᠦᠮᠡᠨ ᠤᠯᠠᠨ ᠡᠭᠦᠰᠳᠡᠭ ᠭᠠᠵᠠᠷ ᠤᠷᠤᠨ ᠤ ᠨᠢᠭᠡ ᠪᠤᠯᠤᠨ᠎ᠠ᠃ | ᠬᠠᠳᠠᠭᠤ᠄ ᠬᠠᠳᠠᠭᠤ ᠬᠡᠦᠷᠰᠢᠮᠡᠯ ᠢᠳᠡᠭᠡᠨ ᠳᠤ ᠳᠤᠷᠠᠳᠠᠢ᠃ ᠬᠠᠭᠠᠷᠢᠬᠰᠠᠨ ᠪᠤᠭᠤᠷᠰᠤᠭ ᠮᠡᠳᠦ ᠶᠢᠨ ᠬᠠᠳᠠᠭᠤ | ᠬᠡᠦᠷᠰᠢᠮᠡᠯ ᠢᠳᠡᠭᠡᠨ ᠢᠳᠡᠬᠦ ᠳᠡᠭᠡᠨ ᠬᠦᠢᠴᠡᠳ ᠰᠠᠶᠢᠨ ᠵᠠᠵᠢᠯᠬᠤ ᠦᠭᠡᠢ ᠪᠤᠯ ᠮᠦᠨ ᠤᠯᠠᠭᠠᠨ ᠬᠤᠭᠤᠯᠠᠢ ᠶᠢᠨ | ᠰᠠᠯᠢᠰᠦᠳᠦ ᠪᠦᠷᠭᠦᠪᠴᠢ ᠶᠢ ᠬᠤᠬᠢᠷᠠᠭᠤᠯᠳᠠᠭ᠃ | 65 ᠭᠷᠡᠳᠦ᠋ᠰ ᠠᠴᠠ ᠬᠠᠯᠠᠭᠤᠨ ᠤᠰᠤ ᠤᠤᠭᠤᠪᠠᠯ ᠦᠮᠠᠨ ᠡᠭᠦᠰᠭᠡᠨ᠎ᠠ᠃ ᠤᠯᠠᠭᠠᠨ ᠬᠤᠭᠤᠯᠠᠢ ᠶᠢᠨ | ᠰᠠᠯᠢᠰᠦᠳᠦ ᠪᠦᠷᠬᠦᠪᠴᠢ ᠶᠢᠨ ᠬᠠᠯᠠᠭᠤᠨ ᠢ ᠳᠠᠭᠠᠭᠠᠬᠤ ᠬᠡᠮᠵᠢᠶ᠎ᠠ ᠨᠢ 40 — 50 ᠭᠷᠡᠳᠦ᠋ᠰ ᠪᠠᠶᠢᠵᠤ᠂ 65 | ᠭᠷᠡᠳᠦ᠋ᠰ ᠢ ᠳᠠᠪᠠᠪᠠᠯ ᠬᠤᠤᠷ ᠬᠦᠨᠦᠭᠡᠯ ᠨᠢ ᠤᠯᠠᠮ ᠢᠯᠡᠭᠦᠦ ᠪᠠᠶᠢᠵᠤ᠂ ᠤᠯᠠᠭᠠᠨ ᠬᠤᠭᠤᠯᠠᠢ ᠶᠢᠨ ᠰᠠᠯᠢᠰᠦᠳᠦ | ᠪᠦᠷᠭᠦᠪᠴᠢ ᠶᠢᠨ ᠰᠢᠷᠬᠠᠯᠠᠯ ᠢᠯᠵᠢᠷᠡᠯ ᠵᠡᠷᠭᠡ ᠡᠪᠡᠳᠴᠢᠨ ᠤ ᠢᠯᠡᠷᠡᠯ ᠡᠭᠦᠰᠳᠡᠭ᠃ | ᠳᠡᠯᠡᠭᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠬᠠᠷᠢᠶᠠᠳᠤ ᠤᠯᠠᠨ ᠤᠯᠤᠰ ᠤᠨ | ᠦᠮᠡᠨ ᠤ ᠰᠤᠳᠤᠯᠭᠠᠨ ᠤ ᠵᠤᠬᠢᠶᠠᠨ ᠪᠠᠶᠢᠭᠤᠯᠤᠯᠳᠠ IARC ᠶᠢᠨ ᠬᠢᠨ ᠮᠡᠳᠡᠭᠦᠯᠦᠯᠳᠡ ᠨᠡᠶᠢᠳᠡᠯᠡᠵᠦ᠂ 65 | ᠭᠷᠡᠳᠦ᠋ᠰ ᠠᠴᠠ ᠬᠠᠯᠠᠭᠤᠨ ᠤᠮᠳᠠᠭᠠᠨ ᠤᠤᠭᠤᠬᠤ ᠨᠢ ᠤᠯᠠᠭᠠᠨ ᠬᠤᠭᠤᠯᠠᠢ ᠶᠢᠨ ᠦᠮᠡᠨ ᠳᠤ ᠨᠡᠷᠪᠡᠭᠳᠡᠭᠦ ᠠᠶᠤᠯ ᠢ | ᠨᠡᠮᠡᠭᠳᠡᠭᠦᠯᠵᠦ ᠮᠡᠳᠡᠨ᠎ᠠ ᠭᠡᠵᠦ ᠰᠡᠷᠡᠮᠵᠢᠯᠡᠭᠦᠯᠦᠭᠰᠡᠨ ᠪᠠᠶᠢᠨ᠎ᠠ᠃ ᠡᠩ ᠤᠨ ᠦᠶ᠎ᠠ ᠳᠡᠭᠡᠨ 65 ᠭᠷᠡᠳᠦ᠋ᠰ ᠠᠴᠠ | ᠬᠠᠯᠠᠭᠤᠨ ᠴᠠᠢ ᠪᠤᠶᠤ ᠺᠤᠹᠧ ᠤᠤᠭᠤᠳᠠᠭ ᠬᠦᠮᠦᠨ ᠳᠤ᠂ ᠵᠠᠯᠬᠢᠬᠤ ᠳᠤ ᠬᠦᠴᠢᠷᠳᠡᠬᠦ᠂ ᠤᠷᠳᠤ ᠬᠤᠭᠤᠴᠠᠭ᠎ᠠ ᠪᠠᠷ | ᠰᠢᠩᠭᠡᠭᠡᠯᠳᠡ ᠮᠠᠭᠤᠳᠠᠢ ᠪᠠᠶᠢᠬᠤ ᠪᠤᠶᠤ ᠰᠢᠷ᠎ᠡ ᠬᠤᠰᠤᠬᠤ᠂ ᠬᠤᠭᠤᠯᠠ ᠪᠠᠨ ᠢᠳᠡᠵᠦ ᠳᠠᠭᠤᠰᠤᠮᠠᠭᠴᠠ ᠢᠳᠡᠰᠢ | ᠬᠠᠷᠭᠤᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ ᠳᠠᠷᠦ᠋ᠢᠬᠠᠨ ᠡᠮᠴᠢ ᠳᠤ ᠤᠴᠢᠬᠤ ᠭᠡᠷᠡᠭᠳᠡᠢ ᠭᠡᠵᠦ ᠳᠤᠰᠬᠠᠢ | ᠮᠡᠷᠭᠡᠵᠢᠯᠳᠡᠳ ᠰᠠᠨᠠᠭᠤᠯᠵᠤ ᠪᠠᠶᠢᠨ᠎ᠠ᠃ |