ᠪᠦᠭᠡ ᠭᠦᠮᠦᠨ ᠤ ᠬᠠᠷᠢᠯᠳᠠ ᠭᠡᠳᠡᠭ ᠨᠢ ᠰᠠᠶᠢᠨ ᠪᠠᠷᠢᠯᠳᠤᠵᠤ ᠪᠠᠶᠢᠭᠰᠠᠨ ᠠᠴᠠ ᠪᠠᠨ ᠪᠠᠷᠢᠯᠳᠤᠭᠠᠨ ᠪᠤᠴᠠᠬᠤ | ᠶᠢ ᠭᠡᠯᠡᠨ᠎ᠡ᠃ ᠮᠤᠩᠭᠤᠯ ᠪᠦᠭᠡ ᠶᠢᠨ ᠬᠠᠷᠢᠯᠳᠠ ᠳᠤ ᠮᠠᠬᠠᠪᠤᠳ ᠵᠦᠢ ᠶᠢᠨ ᠪᠤᠯᠤᠨ ᠰᠡᠳᠬᠢᠯ ᠵᠦᠢ ᠶᠢᠨ ᠬᠠᠷᠢᠯᠳᠠ | ᠭᠡᠵᠤ ᠪᠤᠢ᠃ ᠵᠠᠷᠢᠮ ᠨᠢᠭᠡ ᠪᠦᠭᠡ ᠨᠢ ᠨᠢᠭᠡ ᠬᠤᠶᠠᠷ ᠵᠢᠯ ᠬᠢᠯᠠᠰ ᠰᠠᠶᠢᠬᠠᠨ ᠪᠠᠷᠢᠯᠳᠤᠵᠤ ᠠᠪᠤᠭᠠᠳ ᠳᠤᠤᠷᠬᠠᠨ | ᠢᠶᠠᠨ ᠬᠠᠷᠢᠴᠢᠬᠠᠳᠠᠭ᠃ ᠡᠨᠡ ᠨᠢ ᠰᠡᠳᠬᠢᠯ ᠵᠦᠢ ᠶᠢᠨ ᠨᠦᠯᠦᠭᠡᠯᠡᠯ ᠶᠡᠭᠡ ᠭᠦᠷᠳᠡᠭᠰᠡᠨ ᠲᠠᠢ ᠬᠤᠯᠪᠤᠭ᠎ᠠ ᠲᠠᠢ᠃ | ᠪᠠᠰᠠ ᠵᠠᠷᠢᠮ ᠨᠢ ᠳᠤᠩ ᠤᠳᠠᠭᠠᠨ ᠪᠠᠷᠢᠯᠳᠤᠵᠤ ᠨᠠᠰᠤᠨ ᠤ ᠡᠷᠡᠮᠪᠡ ᠪᠠᠷ ᠬᠠᠷᠢᠳᠠᠭ ᠪᠠᠶᠢᠨ᠎ᠠ᠃ ᠡᠨᠡ ᠪᠤᠯ ᠮᠠᠬᠠᠪᠤᠳ | ᠵᠦᠢ ᠲᠠᠢ ᠬᠤᠯᠪᠤᠬᠳᠠᠭᠰᠠᠨ ᠬᠠᠷᠢᠯᠳᠠ ᠪᠤᠯᠤᠨ᠎ᠠ᠃ ᠨᠠᠰᠤᠨ ᠡᠴᠤᠰ ᠪᠤᠯᠳᠠᠯ᠎ᠠ ᠰᠠᠶᠢᠨ ᠪᠠᠷᠢᠯᠳᠤᠬᠤ ᠭᠡᠳᠡᠭ ᠬᠠᠮᠢᠭ᠎ᠠ | ᠴᠤ ᠪᠠᠶᠢᠬᠤ ᠦᠭᠡᠢ᠃ ᠭᠡᠳᠡᠯ᠎ᠡ ᠶᠠᠭᠠᠬᠢᠬᠤ ᠪᠠᠷ ᠢᠶᠠᠨ ᠭᠠᠭᠴᠠ ᠬᠤᠶᠠᠷ ᠵᠢᠯ ᠰᠠᠶᠢᠨ ᠪᠠᠷᠢᠯᠳᠤᠭᠠᠳ ᠬᠠᠷᠢᠳᠠᠭ | ᠳᠤᠬᠠᠢ ᠬᠦᠮᠦᠰ ᠨᠢᠭᠡ ᠶᠡᠭᠡ ᠠᠩᠬᠠᠷᠤᠯ ᠳᠠᠭᠠᠨ ᠠᠪᠤᠭ᠎ᠠ ᠦᠭᠡᠢ ᠪᠤᠯᠤᠯᠲᠠᠢ ᠳᠡᠶᠢᠮᠤ ᠴᠤ ᠳᠤᠶᠢᠯᠪᠤᠷᠢᠲᠠᠢ ᠵᠦᠪ | ᠳ᠋ᠦᠩ ᠬᠢᠭᠰᠡᠨ ᠳᠡᠮᠳᠡᠭᠯᠡᠯ ᠪᠠᠶᠢᠳᠠᠭ ᠦᠭᠡᠢ᠃ ᠪᠦᠭᠡ ᠬᠦᠮᠦᠨ ᠬᠠᠷᠢᠬᠤ ᠡᠰᠡ ᠬᠠᠷᠢᠬᠤ ᠨᠢ ᠠᠮᠢᠳᠤᠷᠠᠯ ᠤᠨ | ᠳᠤᠮᠳᠠ ᠪᠦᠭᠡ ᠭᠦᠮᠦᠨ ᠪᠡᠶ᠎ᠡ ︵ᠮᠠᠬᠠᠪᠤᠳ ᠵᠦᠢ︶ ᠪᠠᠨ ᠰᠡᠳᠬᠢᠯ ︵ᠰᠡᠳᠬᠢᠯ ᠵᠦᠢ︶ ᠢᠶᠠᠨ ᠶᠠᠮᠠᠷᠬᠠᠨ ᠠᠪᠴᠤ | ᠶᠠᠪᠤᠭᠰᠠᠨ ᠲᠠᠢ ᠰᠢᠭᠤᠳ ᠬᠤᠯᠪᠤᠭᠳᠠᠨ᠎ᠠ᠃ ᠶᠡᠷᠦ ᠨᠢ ᠪᠦᠭᠡ ᠭᠦᠮᠦᠨ ᠤ ᠬᠠᠷᠢᠯᠳᠠ ᠶᠢ ᠨᠦᠯᠦᠭᠡᠯᠡᠭᠦ ᠳᠤ ᠰᠡᠳᠬᠢᠯ | ᠵᠦᠢ ᠨᠢ ᠮᠠᠬᠠᠪᠤᠳ ᠵᠦᠢ ᠠᠴᠠ ᠢᠯᠡᠭᠦᠤ ᠪᠠᠶᠢᠳᠠᠭ ᠢ ᠪᠢᠳᠡ ᠠᠩᠬᠠᠷᠬᠤ ᠭᠡᠷᠡᠭᠲᠡᠢ᠃ | ᠪᠦᠭᠡ ᠶᠢᠨ ᠬᠠᠷᠢᠯᠳᠠ ᠳᠤ ᠤᠯᠠᠨ ᠵᠦᠢᠯ ᠤᠨ ᠰᠢᠯᠳᠠᠭᠠᠨ ᠪᠠᠶᠢᠳᠠᠭ ᠴᠤ ᠬᠠᠮᠤᠭ ᠡᠩ ᠤᠨ ᠬᠢ ᠪᠤᠯ ᠨᠠᠰᠤᠨ | ᠤ ᠡᠷᠡᠮᠪᠡ ᠳᠤ ᠨᠦᠯᠦᠭᠡᠯᠡᠭᠳᠡᠵᠤ ᠬᠠᠷᠢᠬᠤ ᠶᠠᠪᠤᠳᠠᠯ ᠪᠤᠯᠤᠨ᠎ᠠ᠃ ᠬᠦᠮᠦᠨ ᠨᠢᠭᠡ ᠦᠶ᠎ᠡ ᠪᠦᠭᠡ ᠶᠢᠨ ᠳᠤᠩ | ᠱᠦᠩᠯᠡᠵᠤ ᠮᠠᠰᠢ ᠠᠪᠠᠭᠯᠵᠢ ᠲᠠᠢ ᠰᠠᠶᠢᠨ ᠪᠠᠷᠢᠯᠳᠤᠵᠤ ᠨᠠᠰᠤ ᠪᠠᠨ ᠲᠠᠭᠠᠭᠠᠳ ᠳᠡᠭᠦᠨ ᠤ ᠮᠡᠳᠡᠷᠡᠮᠵᠢ ᠬᠠᠷᠢᠨ᠎ᠠ᠂ | ᠰᠡᠷᠡᠯ ᠬᠠᠷᠢᠨ᠎ᠠ᠂ ᠮᠡᠭᠡ ᠬᠠᠷᠢᠨ᠎ᠠ᠂ ᠪᠠᠷᠢᠴᠠ ᠬᠠᠷᠢᠨ᠎ᠠ᠂ ᠭᠦᠴᠦ ᠴᠤ ᠬᠠᠷᠢᠨ᠎ᠠ᠃ ᠰᠠᠨᠠᠭ᠎ᠠ ᠨᠢ ᠪᠠᠶᠢᠭᠠᠳ ᠤᠨᠤᠭ᠎ᠠ | ᠨᠢ ᠭᠦᠷᠭᠦ ᠦᠭᠡᠢ ᠪᠤᠯᠤᠨ᠎ᠠ᠃ ᠲᠠᠷᠠᠭᠠᠯᠠᠪᠠᠯ ᠠᠮᠢᠳᠤᠷᠠᠯ ᠤᠨ ᠵᠠᠩᠰᠢᠯ ᠳᠤ ᠨᠦᠯᠦᠭᠡᠯᠡᠭᠳᠡᠵᠤ ᠪᠦᠭᠡ ᠬᠠᠷᠢᠳᠠᠭ᠃ | ᠶᠡᠷᠦ ᠨᠢ ᠦᠨᠦᠳᠤᠷ ᠤᠨ ᠪᠦᠭᠡ ᠭᠦᠮᠦᠨ ᠤ ᠳᠤᠳᠤᠷ᠎ᠡ ᠠᠮᠢᠳᠤᠷᠠᠯ ᠤᠨ ᠲᠠᠳᠬᠠᠯ ᠵᠠᠩᠰᠢᠯ ᠢᠶᠠᠨ ᠲᠠᠶᠠᠭᠳᠠᠵᠤ ᠮᠠᠰᠢ | ᠬᠠᠶᠢᠩᠭᠤ ᠪᠠᠷ ᠠᠮᠢᠳᠤᠷᠠᠵᠤ ᠶᠠᠪᠤᠭ᠎ᠠ ᠭᠦᠮᠦᠨ ᠮᠠᠰᠢ ᠤᠯᠠᠨ ᠬᠠᠷᠠᠭᠳᠠᠳᠠᠭ᠃ ᠡᠭᠦᠨ ᠤ ᠳᠤᠳᠤ ᠢᠯᠡᠷᠡᠯ ᠪᠤᠯ | ᠠᠷᠢᠬᠢ ᠪᠤᠯᠤᠨ᠎ᠠ᠃ ᠪᠦᠭᠡᠴᠢᠳ ᠠᠷᠢᠬᠢ ᠲᠠᠢ ᠬᠠᠨᠢᠯᠠᠵᠤ ᠶᠡᠭᠡ ᠤᠤᠭᠤᠳᠠᠭ ᠢᠶᠠᠷ ᠢᠶᠠᠨ ᠠᠯᠳᠠᠷᠰᠢᠵᠤ ᠶᠠᠪᠤᠭᠰᠠᠨ ᠤ | ᠤᠯᠪᠠᠭ᠎ᠠ ᠠᠴᠠ ᠮᠠᠰᠢ ᠤᠷᠳᠤ ᠬᠤᠭᠤᠴᠠᠭ᠎ᠠ ᠰᠠᠶᠢᠨ ᠪᠠᠷᠢᠯᠳᠤᠬᠤ ᠪᠦᠭᠡ ᠭᠠᠭᠴᠠ ᠬᠤᠶᠠᠷ ᠵᠢᠯ ᠳᠡᠭᠡᠭᠦᠷ | ᠪᠠᠷᠢᠯᠳᠤᠵᠤ ᠠᠪᠤᠭᠠᠳ ᠠᠯᠠᠭ᠎ᠠ ᠪᠤᠯᠳᠠᠭ᠃ ᠶᠡᠷᠦ ᠨᠢ ᠠᠷᠢᠬᠢ ᠲᠦᠷᠦᠭᠦᠤ ᠲᠠᠢ ᠮᠠᠰᠢ ᠤᠯᠠᠨ ᠵᠦᠢᠯ ᠪᠦᠭᠡ ᠭᠦᠮᠦᠨ | ᠤ ᠠᠮᠢᠳᠤᠷᠠᠯ ᠳᠤ ᠡᠷᠬᠢᠮ ᠪᠤᠯᠵᠤ ᠤᠷᠤᠵᠤ ᠢᠷᠡᠭᠰᠡᠨ ᠠᠴᠠ ᠪᠤᠯᠵᠤ ᠪᠦᠭᠡ ᠶᠢᠨ ᠵᠣᠳᠤᠭ ᠠᠯᠳᠠᠷᠠᠬᠤ᠂ ᠲᠠᠮᠢᠷ | ᠠᠯᠳᠠᠷᠠᠬᠤ᠂ ᠨᠢᠭᠡᠨᠳᠡ ᠠᠭᠰᠢᠵᠤ ᠪᠤᠯᠪᠠᠰᠤᠷᠠᠭᠰᠠᠨ ᠪᠤᠯᠴᠢᠩ ᠰᠢᠷᠪᠤᠰᠤ ᠰᠤᠯᠠᠷᠠᠵᠤ ᠬᠦᠯᠦᠰᠦ ᠶᠡᠭᠡ ᠲᠠᠢ ᠪᠤᠯᠵᠤ | ᠴᠢᠰᠤᠨ ᠤ ᠬᠦᠶᠦᠳᠡᠯ ᠮᠠᠭᠤᠳᠠᠵᠤ ᠠᠮᠢᠰᠬᠤᠯ ᠭᠦᠷᠭᠦ ᠦᠭᠡᠢ ᠪᠤᠯᠬᠤ ᠪᠤᠶᠤ ᠲᠠᠪᠬᠤᠴᠠᠬᠤ ᠵᠡᠷᠭᠡ ᠮᠠᠬᠠᠪᠤᠳ ᠤᠨ | ᠭᠠᠵᠢ ᠢᠯᠡᠷᠡᠯ ᠭᠠᠷᠳᠠᠭ᠃ ᠭᠤᠷᠪᠡ ᠳᠤ ᠢᠳᠡᠯᠭᠡ ᠤᠤᠭᠠᠯᠭᠠ ᠠᠴᠠ ᠪᠤᠯᠵᠤ ᠪᠠᠷᠢᠯᠳᠤᠭᠠᠨ ᠬᠠᠷᠢᠬᠤ ᠴᠤ ᠪᠤᠢ᠃ | ᠪᠢᠳᠡ ᠡᠳᠤᠷ ᠳᠤᠰᠤᠮ ᠦᠰᠭᠡᠭᠦᠷ᠂ ᠲᠦᠷᠭᠡᠳᠭᠡᠭᠦᠷ ᠲᠠᠢ ᠢᠳᠡᠭᠡᠨ ᠢᠶᠠᠷ ᠬᠤᠭᠤᠯᠠᠯᠠᠵᠤ ᠪᠠᠶᠢᠳᠠᠭ ᠨᠢ ᠨᠢᠭᠤᠴᠠ | ᠪᠢᠰᠢ ᠪᠤᠯᠤᠬᠰᠠᠨ ᠦᠨᠦᠳᠤᠷ ᠮᠠᠨ ᠤ ᠮᠤᠩᠭᠤᠯᠴᠤᠳ ᠤᠨ ᠤᠤᠯ ᠤᠨ ᠪᠠᠶᠢᠬᠰᠠᠨ ᠳᠡᠷᠡᠭᠦ ᠮᠢᠬ᠎ᠠ ᠳᠤᠰᠤᠨ ᠠᠴᠠ | ᠭᠠᠷᠤᠭ᠎ᠠ ᠲᠠᠢ ᠮᠤᠬᠤᠰᠢ ᠦᠭᠡᠢ ᠬᠠᠳᠠᠭᠤ ᠪᠠᠬᠢ ᠪᠡᠶ᠎ᠡ ᠴᠤᠭᠴᠠᠰ ᠦᠭᠡᠢ ᠪᠤᠯᠵᠤ ᠦᠯᠢᠶᠡᠪᠡᠯ ᠦᠰᠦᠷᠴᠢᠭᠡᠮᠡᠷ | ᠪᠠᠶᠢᠳᠠᠯ ᠪᠤᠢ ᠪᠤᠯᠤᠭᠰᠠᠨ ᠶᠤᠮ᠃ ᠡᠨᠡ ᠨᠢ ᠮᠠᠨ ᠤ ᠪᠦᠭᠡᠴᠢᠳ ᠢ ᠡᠭᠡᠭᠡ ᠢᠵᠢᠯᠭᠡᠨ ᠲᠦᠪᠰᠢᠨ ᠳᠤ ᠨᠦᠯᠦᠭᠡᠯᠡᠳᠡᠭ | ᠪᠤᠯᠬᠤᠷ ᠤᠳᠤ ᠶᠢᠨ ᠪᠦᠭᠡ ᠤᠤᠯ ᠤᠨ ᠪᠦᠭᠡᠴᠢᠳ ᠤᠨ ᠨᠠᠰᠤᠨ ᠳᠤ ᠭᠦᠷᠳᠡᠯ᠎ᠡ ᠪᠠᠷᠢᠯᠳᠤᠬᠤ ᠬᠦᠮᠦᠨ ᠶᠠᠪᠤᠬᠤ | ᠳᠤᠰᠤᠮ ᠴᠦᠭᠡᠷᠡᠭᠰᠡᠭᠡᠷ ᠪᠠᠶᠢᠭ᠎ᠠ ᠶᠤᠮ᠃ ᠲᠦᠷᠪᠡ ᠳᠤ ᠰᠡᠳᠬᠢᠯ ᠰᠠᠨᠠᠭᠠᠨ ᠤ ᠨᠦᠯᠦᠭᠡᠯᠡᠯ ᠠᠴᠠ ᠪᠤᠯᠵᠤ ᠬᠠᠷᠢᠳᠠᠭ | ᠃ ᠠᠮᠢᠳᠤᠷᠠᠯ ᠤᠨ ᠲᠠᠷᠤᠭᠠᠰᠤ᠂ ᠦᠵᠡᠯ ᠪᠤᠳᠤᠯ ᠤᠨ ᠮᠤᠬᠤᠷᠳᠠᠯ᠂ ᠢᠳᠡᠭᠡᠯ ᠠᠯᠳᠠᠬᠤ᠂ ᠤᠯᠠᠨ ᠵᠢᠯ ᠪᠠᠷᠢᠯᠳᠤᠭᠠᠳ | ᠶᠡᠷᠦ ᠨᠢᠭᠡ ᠤᠯᠢᠭᠲᠠᠢ ᠭᠡᠳᠤᠨ ᠨᠠᠶᠢᠷ ᠲᠤ ᠲᠠᠷᠢᠭᠦᠯᠡᠭᠦ ᠦᠭᠡᠢ ᠪᠤᠶᠤ ᠶᠠᠯᠢᠮ ᠦᠭᠡᠢ ᠬᠦᠮᠦᠨ ᠳᠤ ᠤᠶᠢᠴᠢᠬᠤ ᠵᠡᠷᠭᠡ | ᠠᠴᠠ ᠪᠤᠯᠵᠤ ᠶᠡᠭᠡ ᠡᠷᠳᠡ ᠬᠠᠷᠢᠳᠠᠭ᠃ ᠰᠡᠳᠬᠢᠯ ᠰᠠᠨᠠᠭᠠᠨ ᠤ ᠨᠦᠭᠡᠴᠡ ᠦᠭᠡᠢ᠃ ᠢᠳᠡᠪᠬᠢ ᠰᠤᠳᠤᠯᠤᠯ ᠪᠤᠶᠤ | ᠠᠷᠭ᠎ᠠ ᠮᠡᠷᠭᠡᠵᠢᠯ ᠤᠨ ᠳᠡᠭᠡᠭᠰᠢᠯᠡᠯᠳᠡ ᠪᠠᠶᠢᠬᠤ ᠦᠭᠡᠢ᠃ ᠠᠶᠠᠭᠦᠢ ᠪᠤᠯ ᠤᠩᠭᠤᠨ ᠮᠡᠭᠡᠨ ᠳᠤ ᠲᠦᠰᠢᠵᠤ ᠭᠠᠭᠴᠠ | ᠬᠤᠶᠠᠷ ᠬᠢᠵᠤ ᠰᠤᠷᠤᠭᠰᠠᠨ ᠮᠡᠭᠡ ᠪᠠᠷ ᠤᠷᠤᠯᠳᠤᠬᠤ᠂ ᠵᠤᠯᠭᠠᠭᠰᠠᠨ ᠭᠱᠠᠨ ᠤ ᠰᠡᠷᠡᠯ ᠮᠡᠳᠡᠷᠡᠮᠵᠢ ᠪᠠᠨ ᠠᠰᠢᠭᠯᠠᠵᠤ | ᠪᠠᠷᠢᠯᠳᠤᠬᠤ ᠵᠡᠷᠭᠡ ᠨᠢ ᠪᠦᠷ ᠯᠡ ᠰᠠᠨᠠᠭ᠎ᠠ ᠤᠨᠤᠭᠠᠨ ᠤ ᠳᠡᠯᠡᠴᠡ ᠦᠭᠡᠢ ᠶᠢᠨ ᠢᠯᠡᠷᠡᠯ ᠶᠤᠮ᠃ ᠲᠠᠪᠤ ᠳᠤ ᠪᠦᠭᠡ | ᠳᠤ ᠰᠢᠭᠤᠳᠬᠤ ᠦᠭᠡᠢ ᠨᠢ ᠪᠦᠭᠡ ᠶᠢᠨ ᠬᠠᠷᠢᠯᠳᠠ ᠲᠠᠢ ᠨᠢᠬᠳᠠ ᠬᠤᠯᠪᠤᠭ᠎ᠠ ᠲᠠᠢ᠃ ᠶᠡᠷᠦ ᠨᠢ ᠵᠦᠭᠡᠷ ᠯᠡ ᠨᠠᠶᠢᠷ | ᠳᠡᠨᠤᠭᠦ ᠶᠢᠨ ᠲᠠᠶᠢᠲᠠᠢ ᠨᠠᠶᠢᠷ ᠲᠤ ᠵᠤᠳᠤᠭᠯᠠᠬᠤ᠂ ᠪᠦᠭᠡ ᠶᠢᠨ ᠳᠤᠭ᠎ᠠ ᠪᠦᠭᠯᠡᠭᠦ ᠶᠢᠨ ᠲᠠᠶᠢᠲᠠᠢ ᠨᠠᠶᠢᠷ ᠲᠤ | ᠵᠤᠳᠤᠭᠯᠠᠬᠤ ᠵᠡᠷᠭᠡ ᠨᠢ ᠪᠦᠭᠡ ᠳᠤ ᠰᠢᠭᠤᠳᠬᠤ ᠵᠤᠷᠢᠭ ᠢ ᠨᠦᠯᠦᠭᠡᠯᠡᠨ᠎ᠡ᠃ ᠪᠦᠭᠡ ᠶᠢᠨ ᠳᠡᠭᠡᠳᠤ ᠲᠦᠪᠰᠢᠨ ᠳᠤ | ᠭᠦᠷᠭᠦ ᠤᠬᠠᠮᠰᠠᠷ ᠭᠦᠴᠦᠨ᠂ ᠲᠠᠶᠢᠴᠢᠨ ᠪᠠᠶᠢᠳᠠᠯ ᠢ ᠨᠦᠯᠦᠭᠡᠯᠡᠨ᠎ᠡ᠃ ᠢᠩᠭᠢᠭᠰᠡᠨ ᠠᠴᠠ ᠪᠦᠭᠡ ᠪᠤᠯᠤᠬᠴᠢ ᠨᠢ | ᠵᠦᠪᠭᠡᠨ ᠢᠳᠡ ᠵᠠᠯᠠᠭᠤ ᠶᠢᠨ ᠭᠦᠴᠦᠨ ᠳᠤ ᠲᠦᠰᠢᠵᠤ ᠭᠠᠭᠴᠠ ᠬᠤᠶᠠᠷ ᠵᠢᠯ ᠬᠢᠯᠠᠯᠵᠠᠵᠤ ᠠᠪᠤᠭᠠᠳ ᠲᠠᠭ ᠪᠤᠯᠤᠨ᠎ᠠ | ᠃ ᠵᠢᠷᠭᠤᠭ᠎ᠠ ᠳᠤ ᠴᠤᠴᠢᠭ᠎ᠠ ᠨᠢ ᠶᠠᠮᠠᠷ ᠪᠠᠶᠢᠳᠠᠯ ᠳᠤᠤᠷ᠎ᠡ ᠭᠠᠷᠳᠠᠭ ᠦᠭᠡᠢ ᠪᠦᠭᠡ ᠡᠷᠳᠡ ᠬᠠᠷᠢᠳᠠᠭ᠃ ᠨᠢᠭᠡ ᠯᠡ | ᠭᠦᠭ ᠢᠶᠠᠷ ᠨᠢᠭᠡ ᠯᠡ ᠲᠦᠪᠰᠢᠨ ᠳᠤ ᠨᠤᠴᠤᠯᠳᠤᠬᠰᠠᠨ ᠠᠴᠠ ᠪᠤᠯᠵᠤ ᠪᠦᠭᠡ ᠶᠢᠨ ᠤᠩᠭᠤᠳ ᠪᠤᠴᠠᠵᠤ ᠬᠡᠶᠢᠮᠤᠷᠢ | ᠵᠠᠶᠢᠯᠠᠳᠠᠭ᠃ ᠡᠶᠢᠮᠤ ᠪᠦᠭᠡ ᠳᠤᠶᠢᠯᠪᠤᠷᠢᠲᠠᠢ ᠤᠳᠠᠭᠠᠨ ᠪᠠᠷᠢᠯᠳᠤᠵᠤ ᠳᠡᠶᠢᠯᠳᠡᠭ ᠦᠭᠡᠢ᠃ ᠭᠠᠭᠴᠠ ᠬᠤᠶᠠᠷ ᠵᠢᠯ | ᠬᠡᠢ ᠰᠠᠭᠠᠵᠤ ᠠᠪᠤᠭᠠᠳ ᠬᠠᠷᠢᠳᠠᠭ ᠪᠠᠶᠢᠨ᠎ᠠ᠃ | ᠳᠡᠭᠡᠪᠡᠯ ᠬᠠᠷᠢᠮᠠᠯ ᠪᠦᠭᠡ ᠶᠢᠨ ᠦᠨᠳᠦᠰᠦᠨ ᠰᠢᠨᠵᠢ ᠨᠢ ᠶᠠᠮᠠᠷ ᠲᠠᠯ᠎ᠠ ᠪᠠᠷ ᠭᠦᠮᠦᠰ ᠪᠤᠶᠤ ᠪᠡᠶ᠎ᠡ ᠰᠡᠳᠬᠢᠯ ᠳᠤ | ᠨᠢ ᠮᠡᠳᠡᠷᠡᠭᠳᠡᠳᠡᠭ ᠳᠤᠬᠠᠢ ᠬᠠᠶᠢᠵᠤ ᠦᠵᠡᠪᠡᠯ ᠨᠡᠯᠢᠶᠡᠳ ᠦᠭᠡᠢ ᠤᠯᠠᠨ ᠲᠠᠯ᠎ᠠ ᠪᠤᠳᠤᠯ ᠳᠤ ᠤᠷᠤᠵᠤ ᠪᠠᠶᠢᠨ᠎ᠠ᠃ | | ᠨᠢᠭᠡ ᠳᠤ᠄ ᠮᠡᠳᠡᠷᠡᠮᠵᠢ ᠭᠦᠷᠭᠦ ᠪᠠᠨ ᠪᠠᠶᠢᠨ᠎ᠠ᠃ ᠪᠦᠭᠡ ᠭᠦᠮᠦᠨ ᠤ ᠮᠡᠳᠡᠷᠡᠮᠵᠢ ᠨᠢ ᠭᠠᠷ ᠬᠤᠷᠤᠭᠤ᠂ | ᠪᠠᠷᠢᠴᠠ ᠵᠤᠬᠰᠤᠴᠠ ᠠᠴᠠ ᠪᠠᠨ ᠬᠤᠴᠤᠷᠬᠤ ᠪᠤᠶᠤ ᠲᠠᠭᠠᠵᠤ ᠳᠡᠶᠢᠯᠭᠦ ᠦᠭᠡᠢ ᠪᠤᠯᠵᠤ ᠢᠷᠡᠭᠦ ᠨᠢ ᠮᠡᠳᠡᠭᠡᠵᠢ | ᠬᠠᠷᠢᠯᠳᠠ ᠪᠤᠯᠤᠨ᠎ᠠ᠃ ᠡᠭᠦᠨ ᠢ ᠪᠦᠭᠡ ᠭᠦᠮᠦᠨ ᠦᠪᠡᠷᠳᠡᠭᠡᠨ ᠳᠡᠶᠢᠮᠤ ᠰᠠᠶᠢᠨ ᠠᠩᠬᠠᠷᠴᠤ ᠳᠡᠶᠢᠯᠭᠦ ᠦᠭᠡᠢ ᠪᠠᠶᠢᠵᠤ | ᠮᠡᠳᠡᠨ᠎ᠡ᠃ ᠬᠠᠷᠢᠨ ᠬᠠᠵᠠᠭᠤ ᠠᠴᠠ ᠨᠢ ᠬᠠᠷᠠᠭᠰᠠᠨ ᠬᠦᠮᠦᠨ ᠳᠤ ᠡᠶᠢᠮᠤᠷᠭᠦ ᠠᠯᠳᠠᠭ᠎ᠠ ᠮᠠᠰᠢ ᠳᠤᠳᠤᠷᠬᠠᠢ | ᠬᠠᠷᠠᠭᠳᠠᠳᠠᠭ᠃ ᠪᠠᠷᠢᠴᠠᠨ ᠳᠤ ᠭᠦᠷᠭᠦ ᠪᠠᠨ ᠪᠠᠶᠢᠬᠤ᠂ ᠪᠠᠷᠢᠴᠠ ᠯᠠᠪᠰᠢᠷᠠᠭᠤᠯᠵᠤ ᠴᠢᠳᠠᠬᠤ ᠪᠠᠨ ᠪᠠᠶᠢᠬᠤ᠂ ᠤᠩᠭᠤᠨ | ᠪᠠᠷᠢᠴᠠᠨ ᠳᠠᠭᠠᠨ ᠢᠳᠡᠭᠡᠯ ᠠᠯᠳᠠᠬᠤ ᠵᠡᠷᠭᠡ ᠨᠢ ᠮᠡᠳᠡᠷᠡᠮᠵᠢ ᠳᠤᠳᠠᠭᠰᠠᠨ ᠠᠴᠠ ᠢᠷᠡᠯᠳᠡ ᠲᠠᠢ᠃ ᠤᠭ ᠨᠢ ᠨᠢᠳᠤ | ᠭᠦᠷᠦᠭᠰᠡᠨ ᠭᠠᠵᠠᠷ ᠭᠦᠯ ᠨᠢ ᠭᠦᠷᠳᠡᠭ ᠪᠠᠶᠢᠬᠰᠠᠨ ᠪᠤᠯ ᠤᠳᠤ ᠠᠯᠢ ᠠᠯᠢ ᠨᠢ ᠴᠤ ᠭᠦᠷᠭᠦ ᠪᠠᠨ ᠪᠠᠶᠢᠵᠤ | ᠬᠠᠩᠭᠠᠯᠳᠠ ᠲᠠᠢ ᠪᠠᠷᠢᠴᠠᠨ ᠳᠤ ᠢᠮᠠᠬᠳᠠ ᠭᠦᠷᠴᠤ ᠦᠭᠭᠦ ᠦᠭᠡᠢ ᠵᠤᠪᠠᠭᠠᠳᠠᠭ᠃ | ᠬᠤᠶᠠᠷ ᠲᠤ᠄ ᠬᠤᠷᠳᠤ ᠭᠦᠷᠭᠦ ᠪᠠᠨ ᠪᠠᠶᠢᠨ᠎ᠠ᠃ ᠪᠠᠶᠢᠩᠭᠤ ᠯᠡ ᠪᠠᠷᠢᠴᠠ ᠬᠤᠨᠵᠢᠬᠳᠠᠬᠤ᠂ ᠪᠠᠷᠢᠴᠠ | ᠪᠤᠯᠢᠶᠠᠯᠴᠠᠬᠤ ᠳᠤ ᠶᠡᠷᠦ ᠨᠢ ᠤᠷᠢᠳᠠᠵᠤ ᠪᠠᠷᠢᠴᠠ ᠤᠯᠬᠤ ᠪᠠᠨ ᠪᠠᠶᠢᠬᠤ᠂ ᠠᠯᠬᠤᠭ᠎ᠠ ᠬᠢᠰᠬᠢᠳᠡᠯ ᠢ ᠨᠢ ᠲᠠᠭᠠᠵᠤ | ᠳᠡᠶᠢᠯᠭᠦ ᠦᠭᠡᠢ ᠪᠤᠯᠬᠤ ᠵᠡᠷᠭᠡ ᠪᠤᠯ ᠬᠠᠷᠢᠮᠠᠯ ᠪᠦᠭᠡ ᠶᠢᠨ ᠬᠤᠷᠳᠤ ᠲᠠᠢ ᠬᠤᠯᠪᠤᠬᠳᠠᠬᠤ ᠠᠰᠠᠭᠤᠳᠠᠯ ᠪᠤᠯᠤᠨ᠎ᠠ᠃ | ᠶᠡᠷᠦ ᠨᠢ ᠪᠦᠭᠡ ᠬᠠᠷᠢᠭᠠᠳ ᠢᠷᠡᠭᠦ ᠪᠠᠷ ᠢᠳᠡ ᠪᠠᠷᠢᠯᠳᠤᠵᠤ ᠪᠠᠶᠢᠬᠰᠠᠨ ᠦᠶ᠎ᠡ ᠶᠢᠨ ᠳᠤᠷᠭᠠᠨ ᠭᠱᠠᠨ ᠨᠢ ᠦᠭᠡᠢ | ᠪᠤᠯᠵᠤ ᠭᠠᠷᠤᠭ᠎ᠠ ᠤᠷᠤᠭ᠎ᠠ ᠨᠢ ᠤᠳᠠᠭᠠᠰᠢᠷᠠᠵᠤ ᠬᠦᠮᠦᠨ ᠤ ᠠᠷᠤ ᠳᠤ ᠲᠠᠪᠢᠳᠡᠭ ᠪᠤᠯᠵᠤ ᠲᠠᠯᠠᠪᠠᠢ ᠳᠤᠭᠤᠷᠢᠬᠤ | ᠠᠴᠠ ᠬᠠᠯᠰᠢᠷᠠᠬᠤ ᠮᠡᠳᠤ ᠪᠠᠶᠢᠳᠠᠯ ᠪᠤᠢ ᠪᠤᠯᠤᠨ᠎ᠠ᠃ ᠶᠠᠮᠠᠷ ᠴᠤ ᠦᠶ᠎ᠡ ᠳᠤ ᠰᠡᠳᠬᠢᠯ ᠤᠨ ᠤᠶᠢᠯᠠᠯ ᠪᠤᠰᠬᠤ ᠪᠠᠨ | ᠪᠠᠶᠢᠵᠤ ︽ᠬᠢᠯᠠᠯᠵᠠᠬᠤ︾ ᠭᠡᠳᠡᠭ ᠦᠭᠡᠢ ᠪᠤᠯᠤᠨ᠎ᠠ᠃ ᠬᠤᠷᠳᠤ ᠭᠦᠷᠭᠦ ᠦᠭᠡᠢ ᠪᠤᠶᠤ ᠬᠤᠷᠳᠤ ᠬᠤᠨᠵᠢᠬᠳᠠᠬᠤ | ᠦᠶ᠎ᠡ ᠳᠤ ᠵᠦᠪᠭᠡᠨ ᠤᠯᠠᠯᠠᠵᠤ ᠵᠠᠭᠤᠷᠠᠬᠤ ᠠᠴᠠ ᠦᠭᠡᠷ᠎ᠡ ᠬᠤᠷᠢᠭ ᠲᠠᠯᠪᠢᠬᠤ ᠴᠡᠴᠡ ᠪᠦᠷᠢᠯᠳᠦᠭᠦ ᠪᠠᠨ ᠪᠠᠶᠢᠳᠠᠭ᠃ | ᠤᠩᠭᠤᠨ ᠮᠡᠳᠡᠷᠡᠮᠵᠢ ᠨᠢ ᠤᠰᠠᠳᠴᠤ ᠭᠦᠳᠡᠬᠢ ᠪᠤᠯᠤᠨ ᠤᠳᠠᠭᠠᠰᠢᠷᠠᠵᠤ ᠰᠡᠷᠡᠯ ᠰᠡᠷᠡᠭᠦᠢ ᠨᠢ ᠪᠦᠳᠡᠬᠡᠶᠢᠷᠡᠵᠤ | ᠵᠠᠪᠳᠠᠭᠠ ᠪᠠᠶᠢᠬᠤ ᠦᠭᠡᠢ ᠪᠤᠯᠬᠤ ᠵᠡᠷᠭᠡ ᠪᠤᠯ ᠪᠦᠭᠡ ᠭᠦᠮᠦᠨ ᠮᠡᠳᠡᠷᠡᠯ ᠦᠭᠡᠢ ᠶᠢᠨ ᠳᠤᠮᠳᠠ ᠬᠠᠷᠢᠵᠤ ᠪᠠᠶᠢᠭ᠎ᠠ | ᠰᠢᠨᠵᠢ ᠶᠤᠮ᠃ ᠵᠠᠪᠳᠠᠭᠠ ᠭᠡᠭᠴᠢ ᠪᠦᠭᠡ ᠶᠢᠨ ᠬᠷᠢᠯᠳᠠ ᠲᠠᠢ ᠨᠢᠬᠳᠠ ᠬᠤᠯᠪᠤᠭ᠎ᠠ ᠲᠠᠢ᠃ ᠵᠠᠪᠳᠠᠭᠠ ᠮᠠᠭᠤᠳᠠᠬᠤ᠂ | ᠵᠠᠪᠳᠠᠭᠠ ᠤᠰᠠᠳᠤᠭᠰᠠᠨ ᠭᠦᠮᠦᠨ ᠵᠡᠷᠭᠡ ᠦᠭᠡᠢ ᠬᠠᠷᠢᠵᠤ ᠡᠬᠢᠯᠡᠭᠡᠳ ᠪᠤᠢ᠃ | ᠭᠤᠷᠪᠡ ᠳᠤ᠄ ᠮᠡᠭᠡ ᠲᠦᠭᠦᠷᠡᠭᠦ ᠪᠠᠨ ᠪᠠᠶᠢᠨ᠎ᠠ᠃ ᠬᠠᠷᠢᠮᠠᠯ ᠪᠦᠭᠡ ᠶᠢ ᠬᠠᠷᠠᠭᠠᠳ ᠪᠠᠶᠢᠬᠤ ᠳᠤ ᠶᠠᠮᠠᠷ ᠴᠤ | ᠮᠡᠭᠡ ᠶᠢ ᠲᠦᠭᠦᠷᠡᠩ ᠭᠢᠭᠦ ᠪᠠᠨ ᠪᠠᠶᠢᠴᠢᠬᠠᠳᠠᠭ ᠤᠨᠴᠠᠯᠢᠭ ᠲᠠᠢ᠃ ᠭᠡᠳᠤᠶᠢᠪᠡᠷ ᠮᠡᠭᠡ ᠳᠤ ᠲᠠᠨᠢᠯᠳᠠ ᠶᠢᠨ ᠦᠨᠳᠦᠷ | ᠲᠦᠪᠰᠢᠨ ᠲᠠᠢ ᠪᠠᠶᠢᠳᠠᠭ ᠴᠤ ᠳᠡᠭᠦᠨ ᠢᠶᠠᠨ ᠭᠢᠭᠦ ᠵᠤᠷᠢᠭ ᠵᠢᠷᠦᠭᠡ ᠭᠦᠷᠭᠦ ᠦᠭᠡᠢ ᠪᠤᠶᠤ ᠬᠤᠷᠳᠤ ᠮᠡᠳᠡᠷᠡᠮᠵᠢ ᠨᠢ | ᠭᠦᠷᠭᠦ ᠪᠠᠨ ᠪᠠᠶᠢᠬᠰᠠᠨ ᠠᠴᠠ ᠶᠠᠩᠵᠤ ᠦᠵᠡᠭᠦᠯᠭᠦ᠂ ᠲᠦᠷᠢ ᠦᠵᠡᠭᠦᠯᠭᠦ ᠨᠢ ᠶᠡᠭᠡᠰᠦᠭᠡᠳ ᠢᠷᠡᠳᠡᠭ᠃ ᠳᠡᠭᠡᠭᠡᠳ | ᠶᠡᠷᠦ ᠨᠢ ᠦᠪᠡᠷ ᠤᠨ ᠤᠩᠭᠤᠨ ᠮᠡᠭᠡᠨ ᠳᠡᠭᠡᠨ ᠳᠤᠯᠳᠤᠶᠢᠯᠠᠬᠤ ᠪᠠᠶᠢᠳᠠᠯ ᠪᠤᠢ ᠪᠤᠯᠵᠤ ᠪᠠᠶᠢᠨ ᠪᠠᠶᠢᠨ ᠦᠨᠦᠬᠢ ᠪᠠᠨ | ᠬᠢᠭᠦ ᠭᠡᠳ ᠪᠤᠯᠵᠤ ᠦᠭᠭᠦ ᠪᠠᠨ ᠪᠠᠶᠢᠬᠰᠠᠨ ᠭᠡᠯᠪᠡᠷᠢ ᠳᠤ ᠪᠠᠷᠢᠯᠳᠤᠵᠤ ᠵᠤᠬᠰᠤᠳᠠᠭ᠃ | ᠲᠦᠷᠪᠡ ᠳᠤ᠄ ᠵᠤᠷᠢᠭ ᠭᠦᠷᠭᠦ ᠪᠠᠨ ᠪᠠᠶᠢᠨ᠎ᠠ᠃ ᠬᠠᠷᠢᠮᠠᠯ ᠪᠦᠭᠡ ᠶᠢᠨ ᠢᠯᠡᠷᠬᠡᠢ ᠨᠢᠭᠡᠨ ᠤᠨᠴᠠᠯᠢᠭ ᠰᠢᠨᠵᠢ | ᠪᠤᠯ ᠲᠠᠳᠠᠭᠠᠯᠵᠠᠭᠠ ᠪᠤᠯᠤᠨ᠎ᠠ᠃ ᠪᠠᠷᠢᠴᠠ᠂ ᠵᠤᠬᠰᠤᠴᠠ ᠠᠯᠢ ᠠᠯᠢ ᠨᠢ ᠴᠤ ᠳᠤᠶᠢᠯᠪᠤᠷᠢ ᠬᠠᠷᠠᠭᠤᠯᠬᠤ ᠪᠠᠨ ᠪᠠᠶᠢᠵᠤ | ᠴᠠᠭᠠᠨ᠎ᠠ ᠠᠴᠠ ᠪᠠᠨ ᠬᠤᠶᠢᠷᠭᠤᠰᠢᠨ ᠲᠠᠳᠠᠭᠠᠯᠵᠠᠵᠤ ᠶᠠᠪᠤᠨ ᠪᠠᠶᠢᠵᠤ ᠨᠠᠶᠢᠷ ᠲᠤ ᠶᠠᠪᠤᠬᠤ ᠳᠤᠭ᠎ᠠ ᠨᠢ ᠪᠠᠭᠠᠰᠴᠤ | ᠬᠠᠶᠠᠭᠠᠳ ᠪᠠᠶᠢᠳᠠᠭ ᠪᠦᠭᠡ ᠲᠠᠢ ᠪᠠᠨ ᠴᠤ ᠵᠤᠷᠢᠭ ᠲᠠᠢ ᠳᠤᠯᠵᠤ ᠴᠢᠳᠠᠬᠤ ᠦᠭᠡᠢ ᠪᠤᠯᠵᠤ ᠢᠷᠡᠨ᠎ᠡ᠃ ᠶᠡᠷᠦ ᠨᠢ | ᠬᠦᠮᠦᠨ ᠤ ᠵᠤᠷᠢᠭ ᠰᠠᠨᠠᠭ᠎ᠠ ᠤᠭ ᠠᠴᠠ ᠪᠠᠨ ᠳᠡᠭᠦᠯᠳᠡᠷ ᠪᠠᠶᠢᠬᠤ ᠶᠤᠮ ᠪᠤᠯ ᠢᠯᠠᠬᠳᠠᠰᠢ ᠦᠭᠡᠢ ᠪᠠᠶᠢᠵᠤ ᠴᠢᠳᠠᠳᠠᠭ | ᠃ ᠪᠦᠭᠡ ᠭᠦᠮᠦᠨ ᠴᠤ ᠵᠤᠷᠢᠭ ᠢᠶᠠᠷ ᠤᠨᠠᠬᠤ ᠳᠤ ᠭᠦᠷᠪᠡᠯ ᠦᠭᠡᠷ᠎ᠡ ᠳᠡᠭᠦᠨ ᠢ ᠡᠷᠴᠢᠯᠡᠭᠦ ᠵᠦᠢᠯ ᠦᠭᠡᠢ ᠪᠤᠯᠤᠨ᠎ᠠ᠃ | | ᠲᠠᠪᠤ ᠳᠤ᠄ ᠲᠠᠷ ᠬᠦᠴᠦ ᠭᠦᠷᠭᠦ ᠪᠠᠨ ᠪᠠᠶᠢᠨ᠎ᠠ᠃ ᠶᠡᠷᠦ ᠨᠢ ᠪᠦᠭᠡ ᠬᠠᠷᠢᠬᠤ ᠨᠢ ᠬᠦᠴᠦ ᠲᠠᠷ ᠬᠠᠷᠢᠬᠤ ᠲᠠᠢ | ᠠᠰᠣᠷᠤ ᠶᠡᠭᠡ ᠬᠤᠯᠪᠤᠭ᠎ᠠ ᠲᠠᠢ᠃ ᠨᠠᠰᠤ ᠶᠠᠪᠤᠬᠤ ᠶᠢ ᠲᠠᠭᠠᠯᠳᠤᠨ ᠪᠦᠭᠡ ᠶᠢᠨ ᠭᠦᠴᠦ ᠲᠠᠷ ᠬᠠᠷᠢᠭᠠᠳ ᠢᠷᠡᠭᠦ ᠪᠠᠷ | ᠪᠠᠷᠢᠯᠳᠤᠭ᠎ᠠ ᠴᠤ ᠬᠠᠷᠢᠳᠠᠭ ᠪᠠᠶᠢᠨ᠎ᠠ᠃ ᠳᠡᠭᠡᠭᠡᠳ ᠶᠡᠷᠤᠩᠭᠢ ᠳᠡᠭᠡᠨ ᠵᠤᠯᠭᠠᠭᠰᠠᠨ ᠡᠭᠢᠨ ᠤ ᠭᠡᠳᠤᠨ ᠮᠢᠨᠦ᠋ᠲ ᠲᠤ | ᠠᠯᠢᠪᠡ ᠪᠠᠨ ᠰᠢᠢᠳᠭᠦ ᠭᠡᠳ ᠪᠠᠶᠢᠳᠠᠭ ᠪᠤᠯᠤᠨ᠎ᠠ᠃ ᠡᠶᠢᠮᠤ ᠵᠦᠢᠯ ᠳᠤ ᠰᠢᠨᠤᠵᠤ᠂ ᠲᠠᠷ ᠬᠦᠴᠦᠨ ᠤ ᠨᠦᠭᠡᠴᠡ | ᠶᠠᠭᠠᠬᠢᠬᠤ ᠠᠴᠠ ᠡᠮᠦᠨ᠎ᠡ ᠲᠠᠰᠤᠷᠠᠵᠤ ᠢᠳᠡ ᠵᠢᠭᠠᠵᠤ ᠤᠷᠤᠬᠤ ᠠᠴᠠ ᠬᠢᠴᠢᠶᠡᠭᠰᠡᠨ ᠪᠠᠶᠢᠳᠠᠯ ᠳᠤ ᠤᠷᠤᠬᠤ ᠭᠡᠳ | ᠪᠠᠶᠢᠭ᠎ᠠ ᠪᠦᠭᠡ ᠪᠤᠯ ᠬᠠᠷᠢᠯᠳᠠ ᠲᠠᠢ ᠨᠢᠭᠤᠷᠯᠠᠭᠰᠠᠨ ᠪᠦᠭᠡ ᠪᠤᠯᠤᠨ᠎ᠠ᠃ ᠵᠤᠯᠭᠠᠮᠠᠭᠴᠠ ᠨᠢᠭᠡ ᠬᠤᠮᠬᠢᠵᠤ ᠠᠪᠤᠭᠠᠳ | ᠳᠡᠶᠢᠯᠭᠦ ᠦᠭᠡᠢ ᠪᠤᠯ ᠳᠤᠤᠷᠬᠠᠨ ᠢᠶᠠᠨ ᠤᠶᠢᠴᠢᠴᠢᠬᠠᠳᠠᠭ ᠪᠠᠷᠢᠯᠳᠤᠭᠠᠨ ᠮᠠᠨ ᠤ ᠨᠠᠶᠢᠷ ᠢᠶᠠᠷ ᠤᠯᠠᠨ ᠬᠠᠷᠠᠭᠳᠠᠬᠤ | ᠪᠤᠯᠵᠤ ᠪᠠᠶᠢᠨ᠎ᠠ᠃ ᠲᠠᠷ ᠭᠦᠴᠦᠨ ᠤ ᠨᠦᠯᠦᠭᠡᠯᠡᠯ ᠠᠴᠠ ᠪᠤᠯᠵᠤ ᠳᠡᠰᠪᠤᠷᠢ ᠲᠠᠭᠠᠭᠠᠴᠠ ᠰᠢᠯᠭᠠᠵᠤ ᠴᠢᠳᠠᠳᠠᠭ | ᠦᠭᠡᠢ᠃ ᠤᠶᠠᠵᠤ ᠴᠤ ᠴᠢᠳᠠᠳᠠᠭ ᠦᠭᠡᠢ᠃ ᠳᠡᠮᠡᠢ ᠯᠡ ᠬᠦᠯᠦᠰᠦᠨ ᠳᠤᠮᠳᠠ ᠵᠤᠬᠰᠤᠵᠤ ᠪᠠᠶᠢᠬᠤ ᠵᠢᠱᠢᠭ ᠲᠠᠢ | ᠪᠠᠷᠢᠯᠳᠤᠭᠠᠨ ᠪᠤᠯ ᠬᠠᠷᠢᠬᠰᠠᠨ ᠪᠦᠭᠡ ᠶᠢᠨ ᠰᠢᠨᠵᠢ ᠶᠤᠮ᠃ | ᠵᠢᠷᠭᠤᠭ᠎ᠠ ᠳᠤ᠄ ᠲᠦᠭᠰᠢᠭᠦᠷᠢ ᠠᠶᠤᠩᠭᠤᠷᠢ ᠶᠢᠨ ᠪᠠᠶᠢᠳᠠᠯ ᠨᠢ ᠢᠯᠡ ᠪᠤᠯᠤᠨ᠎ᠠ᠃ ᠬᠠᠷᠢᠮᠠᠯ ᠪᠦᠭᠡ ᠶᠢᠨ | ᠪᠠᠰᠠ ᠨᠢᠭᠡ ᠳᠤᠪᠤᠶᠢᠮ᠎ᠠ ᠰᠢᠨᠵᠢ ᠪᠤᠯ ᠲᠦᠭᠰᠢᠭᠦᠷᠢ ᠲᠦᠷᠦᠭᠦ ᠶᠠᠪᠤᠳᠠᠯ ᠪᠤᠯᠤᠨ᠎ᠠ᠃ ᠶᠡᠷᠦ ᠨᠢ ᠮᠡᠭᠡ ᠳᠤᠳᠠᠭᠤᠳᠠᠬᠤ | ᠂ ᠬᠤᠷᠳᠤᠴᠠ ᠰᠠᠭᠠᠷᠠᠬᠤ᠂ ᠪᠠᠷᠢᠴᠠ ᠴᠤᠯᠭᠤᠶᠢᠷᠠᠬᠤ᠂ ᠪᠠᠷᠢᠯ ᠦᠭᠡᠢ ᠳᠤᠳᠠᠭᠠᠬᠤ ᠵᠡᠷᠭᠡ ᠨᠢ ᠲᠦᠭᠰᠢᠭᠦᠷᠢ ᠠᠴᠠ | ᠨᠦᠯᠦᠭᠡᠯᠡᠭᠳᠡᠭᠰᠡᠨ ᠰᠡᠳᠬᠢᠯ ᠵᠦᠢ ᠶᠢᠨ ᠰᠢᠨᠵᠢ ᠶᠤᠮ᠃ ᠡᠭᠦᠨ ᠠᠴᠠ ᠯᠡ ᠵᠤᠷᠢᠭ ᠬᠦᠷᠭᠦ ᠦᠭᠡᠢ ᠪᠤᠯᠬᠤ᠂ | ᠲᠠᠳᠠᠭᠠᠯᠵᠠᠭᠠ ᠶᠡᠭᠡᠳᠦᠭᠦ᠂ ᠵᠠᠪᠳᠠᠭᠠ ᠲᠠᠰᠤᠷᠠᠬᠤ ᠵᠡᠷᠭᠡ ᠡᠭᠦᠰᠴᠤ ᠠᠶᠤᠩᠭᠤᠷᠢ ᠶᠢᠨ ᠰᠢᠨᠵᠢ ᠪᠤᠢ ᠪᠤᠯᠤᠨ᠎ᠠ᠃ | ᠢᠯᠠᠵᠤ ᠳᠡᠶᠢᠯᠭᠦ ᠭᠡᠳᠡᠭ ᠡᠷᠡᠰ ᠰᠢᠢᠳᠮᠡᠭ ᠵᠤᠷᠢᠭ ᠦᠭᠡᠢ ᠪᠤᠯᠵᠤ ᠡᠪ ᠬᠠᠷᠠᠬᠤ᠂ ᠤᠩᠭᠤᠨ ᠮᠡᠭᠡᠨ ᠳᠤ | ᠳᠤᠯᠳᠤᠶᠢᠯᠠᠬᠤ᠂ ᠠᠵᠠ ᠪᠠᠨ ᠰᠤᠷᠢᠬᠤ ᠵᠡᠷᠭᠡ ᠪᠤᠯ ᠲᠦᠭᠰᠢᠭᠦᠷᠢ ᠶᠢ ᠠᠷᠭᠠᠴᠠᠬᠤ ᠳᠤᠶᠢᠯᠪᠤᠷᠢ ᠦᠭᠡᠢ ᠠᠪᠴᠠᠯ ᠶᠤᠮ | ᠃ ᠪᠦᠭᠡ ᠭᠦᠮᠦᠨ ᠤ ᠰᠡᠳᠬᠢᠯ ᠳᠤᠭᠳᠠᠭᠤᠨ ᠦᠭᠡᠢ ᠪᠤᠯᠵᠤ ᠲᠦᠭᠰᠢᠭᠦᠷᠢ ᠲᠦᠷᠦᠭᠦ ᠦᠶ᠎ᠡ ᠳᠤ ᠳᠡᠭᠦᠨ ᠤ ᠪᠦᠭᠦᠯᠢ | ᠴᠤᠭᠴᠠ ᠶᠢᠨ ᠦᠢᠯᠡ ᠠᠵᠢᠯᠯᠠᠭ᠎ᠠ ᠡᠮᠬᠢ ᠴᠢᠭᠴᠢ ᠪᠠᠨ ᠠᠯᠳᠠᠵᠤ ᠬᠤᠶᠢᠷᠭᠤᠰᠢᠳᠠᠭ᠃ ᠬᠤᠶᠢᠷᠭᠤᠰᠢᠯ ᠶᠡᠭᠡ ᠪᠤᠯᠬᠤ | ᠳᠤᠳᠤᠮ ᠳᠤᠬᠠᠢ ᠶᠢᠨ ᠪᠦᠭᠡ ᠨᠢ ᠪᠠᠷᠢᠯᠳᠤᠭᠠᠨ ᠠᠴᠠ ᠬᠤᠯᠠ ᠪᠤᠯᠵᠤ ᠢᠷᠡᠨ᠎ᠡ᠃ ᠬᠤᠶᠢᠷᠭᠤᠰᠢᠯ ᠪᠤᠯ ᠪᠦᠭᠡ | ᠭᠦᠮᠦᠨ ᠤ ᠪᠠᠰᠠ ᠨᠢᠭᠡ ᠲᠠᠪᠠᠭ᠋ᠤ ᠳᠤ ᠬᠦᠴᠢᠷ ᠲᠠᠪᠠᠭ᠎ᠠ ᠪᠠᠶᠢᠭ᠎ᠠ ᠶᠤᠮ᠃ | ᠳᠤᠯᠤᠭ᠎ᠠ ᠳᠤ᠄ ᠴᠦᠭᠦᠷᠡᠯ ᠭᠤᠨᠢᠷᠬᠠᠯ ᠤᠨ ᠰᠡᠳᠬᠢᠯᠭᠡ ᠲᠠᠢ ᠪᠤᠯᠤᠨ᠎ᠠ᠃ ᠨᠠᠰᠤ ᠲᠦᠭᠦᠭᠡᠳ ᠢᠷᠡᠭᠦ ᠪᠠᠷ ︵ | ᠶᠡᠷᠦ ᠨᠢ ᠭᠤᠴᠢ ᠭᠠᠷᠤᠭᠠᠳ ᠢᠷᠡᠭᠦ ᠪᠠᠷ︶ ᠪᠦᠭᠡ ᠭᠦᠮᠦᠨ ᠳᠤ ᠪᠡᠶ᠎ᠡ ᠪᠠᠨ ᠭᠤᠯᠤᠬᠤ ᠭᠤᠨᠢᠷᠬᠠᠯ ᠨᠢᠭᠤᠷᠯᠠᠵᠤ | ᠳᠡᠭᠦᠨ ᠤ ᠤᠯᠪᠠᠭ᠎ᠠ ᠠᠴᠠ ᠴᠦᠭᠦᠷᠡᠯ ᠪᠡᠶ᠎ᠡ ᠰᠡᠳᠬᠢᠯ ᠢ ᠡᠵᠡᠯᠡᠭᠦ ᠪᠤᠯᠤᠨ᠎ᠠ᠃ ᠡᠨᠡ ᠪᠤᠯ ᠤᠯᠠᠩᠭᠢ ᠬᠦᠮᠦᠨ ᠳᠤ | ᠳᠤᠬᠢᠶᠠᠯᠳᠤᠬᠤ ᠰᠡᠳᠬᠢᠯ ᠵᠦᠢ ᠶᠢᠨ ᠳᠤᠬᠢᠶᠠᠯᠳᠤᠯ ᠶᠤᠮ᠃ ᠭᠤᠨᠢᠷᠬᠠᠯ ᠨᠢ ᠶᠡᠭᠡᠳᠤᠭᠡᠳ ᠢᠷᠡᠭᠦ ᠪᠠᠷ ᠭᠦᠮᠦᠨ | ᠪᠠᠷᠢᠯᠳᠤᠬᠤ ᠤᠷᠮ᠎ᠠ ᠦᠭᠡᠢ ᠪᠤᠯᠵᠤ᠂ ᠪᠡᠶ᠎ᠡ ᠪᠠᠨ ᠭᠤᠯᠤᠬᠤ ᠰᠡᠳᠬᠢᠯ ᠲᠦᠷᠦᠵᠤ᠂ ᠬᠤᠩᠰᠢ ᠵᠢᠯᠭ᠎ᠠ ᠨᠢ ᠪᠠᠭᠤᠷᠠᠵᠤ | ᠂ ᠤᠩᠭᠤᠳ ᠨᠢ ᠤᠷᠤᠬᠤ ᠪᠠᠨ ᠪᠠᠶᠢᠵᠤ᠂ ᠪᠡᠶ᠎ᠡ ᠰᠡᠳᠬᠢᠯ ᠨᠢᠭᠡᠳᠭᠦ ᠪᠠᠨ ᠪᠠᠶᠢᠵᠤ ᠢᠷᠡᠨ᠎ᠡ᠃ ᠤᠭ ᠨᠢ ᠭᠤᠨᠢᠷᠬᠠᠯ | ᠪᠤᠯ ᠭᠦᠮᠦᠨ ᠢ ᠪᠤᠷᠤᠭᠤ ᠪᠠᠷ ᠨᠦᠯᠦᠭᠡᠯᠡᠵᠤ ᠪᠤᠢ ᠰᠡᠳᠬᠢᠯ ᠤᠨ ᠡᠪᠡᠳᠴᠢᠨ ᠶᠤᠮ᠃ ︽ᠭᠤᠨᠢᠷᠬᠠᠯ ᠬᠤᠳᠠᠯ | ᠴᠦᠭᠦᠷᠡᠯ ᠦᠨᠡᠨ︾ ᠭᠡᠵᠤ ᠮᠢ ᠰᠤᠶᠤᠯ ᠠᠪᠤᠷᠭᠤ ᠨᠢᠭᠡᠨ ᠶᠠᠷᠢᠶᠠᠨ ᠳᠠᠭᠠᠨ ᠭᠡᠯᠡᠭᠰᠡᠨ ᠪᠠᠶᠢᠳᠠᠭ᠃ ᠡᠨᠡᠭᠦ ᠦᠵᠡᠯᠳᠡ | ᠳᠤ ᠪᠢ ᠨᠢᠭᠡᠳᠦᠳᠡᠭ᠃ ᠭᠤᠨᠢᠷᠬᠠᠯ ᠪᠤᠯ ᠦᠪᠡᠷ ᠤᠨ ᠪᠡᠶ᠎ᠡ ᠳᠡᠭᠡᠨ ᠦᠪᠡᠷᠳᠡᠭᠡᠨ ᠠᠪᠴᠢᠷᠠᠭᠰᠠᠨ ᠳᠤᠨᠢᠷᠬᠠᠯ ᠤᠨ | ᠰᠢᠨᠵᠢ ᠲᠠᠢ ᠲᠠᠷᠤᠮᠳᠠ ᠪᠠᠶᠢᠭ᠎ᠠ ᠶᠤᠮ᠃ ᠳᠡᠭᠦᠨ ᠢ ᠪᠤᠰᠤᠳ ᠭᠦᠮᠦᠨ ᠴᠢᠮ᠎ᠠ ᠳᠤ ᠠᠪᠴᠢᠷᠠᠵᠤ ᠦᠭᠳᠡᠭ ᠪᠢᠰᠢ᠃ | ᠬᠠᠷᠢᠨ ᠴᠦᠭᠦᠷᠡᠯ ᠪᠤᠯ ᠰᠦᠭᠦᠷᠡᠯ ᠶᠤᠮ᠃ ᠳᠡᠭᠦᠨ ᠢ ᠲᠠᠪᠠᠨ ᠭᠠᠷᠬᠤ ᠳᠤ ᠭᠦᠴᠢᠷ᠃ ᠶᠠᠭ ᠯᠡ ᠡᠶᠢᠮᠤ ᠵᠦᠢᠯᠡᠰ | ᠨᠦᠯᠦᠭᠡᠯᠡᠳᠡᠭ ᠪᠤᠯᠬᠤᠷ ᠮᠠᠨᠠᠶᠢᠬᠢᠨ ᠤ ᠪᠦᠭᠡᠴᠢᠳ ᠡᠷᠳᠡ ᠬᠠᠷᠢᠬᠤ ᠭᠡᠳ ᠪᠠᠶᠢᠳᠠᠭ᠃ | ᠨᠠᠢᠮᠠ ᠳᠤ᠄ ᠬᠡᠢ ᠳᠡᠮᠡᠢ ᠪᠦᠭᠡ ᠶᠠᠷᠢᠵᠤ ᠰᠠᠭᠤᠳᠠᠭ ᠪᠤᠯᠤᠨ᠎ᠠ᠃ ᠬᠠᠷᠢᠮᠠᠯ ᠪᠦᠭᠡ ᠶᠢᠨ ᠪᠠᠰᠠ ᠨᠢᠭᠡ | ᠤᠨᠴᠠᠯᠢᠭ ᠰᠢᠨᠵᠢ ᠪᠤᠯ ᠬᠡᠢ ᠳᠡᠮᠡᠢ ᠶᠠᠭᠤᠮ᠎ᠠ ᠶᠠᠷᠢᠵᠤ ᠰᠠᠭᠤᠬᠤ ᠪᠤᠯᠤᠨ᠎ᠠ᠃ ᠢᠩᠬᠢᠴᠢᠭᠡᠭᠦ ᠦᠭᠡᠢ ᠶᠠᠭᠠᠬᠢᠬᠰᠠᠨ | ᠪᠤᠢ︖ ᠵᠡᠷᠭᠡ ᠪᠠᠷ ᠪᠤᠰᠤᠳ ᠲᠤ ᠪᠠᠭᠰᠢᠯᠠᠬᠤ ᠨᠢ ᠤᠯᠠᠰᠢᠷᠠᠵᠤ ᠦᠪᠡᠷ ᠢᠶᠠᠨ ᠪᠠᠷᠢᠯᠳᠤᠬᠤ ᠨᠢ ᠪᠠᠭᠠᠰᠤᠭᠠᠳ | ᠢᠷᠡᠳᠡᠭ᠃ ᠮᠦᠨ ᠲᠠᠰᠢᠷᠠᠮ ᠨᠢ ᠪᠦᠭᠡ ᠶᠢᠨ ᠵᠤᠭ᠎ᠠ ᠲᠠᠢ ᠵᠦᠢᠯ ᠶᠠᠷᠢᠬᠤ ᠨᠢ ᠤᠯᠠᠰᠢᠷᠠᠵᠤ ᠦᠪᠡᠷ ᠤᠨ | ᠪᠠᠷᠢᠯᠳᠤᠭᠰᠠᠨ ᠦᠩᠭᠡᠷᠡᠯᠳᠡ ᠪᠠᠨ ᠦᠰᠭᠡᠨ ᠳᠦᠰᠭᠡᠨ ᠲᠠᠢ ᠶᠠᠷᠢᠳᠠᠭ ᠪᠤᠯᠵᠤ ᠢᠷᠡᠨ᠎ᠡ᠃ ᠲᠠᠪᠤ ᠲᠡᠷᠢᠭᠦᠯᠡᠭᠰᠡᠨ ᠪᠤᠯ | ᠠᠷᠪᠡ ᠭᠡᠭᠦ ᠪᠤᠶᠤ ᠢᠩᠭᠢᠵᠤ ᠬᠠᠶᠠᠭᠰᠠᠨ ᠳᠡᠭᠡᠵᠤ ᠬᠠᠶᠠᠬᠰᠠᠨ ᠵᠡᠷᠭᠡ ᠪᠠᠷ ᠶᠠᠷᠢᠵᠤ ᠡᠬᠢᠯᠡᠭᠦ ᠪᠤᠯ ᠪᠦᠭᠡ ᠬᠠᠷᠢᠵᠤ | ᠪᠠᠶᠢᠭ᠎ᠠ ᠶᠢᠨ ᠨᠢᠭᠡ ᠰᠢᠨᠵᠢ ᠶᠤᠮ᠃ ᠶᠠᠭᠠᠬᠢᠭᠠᠳ ᠢᠩᠭᠢᠵᠤ ᠭᠡᠯᠡᠭᠡᠳ ᠪᠠᠶᠢᠭ᠎ᠠ ᠪᠤᠢ︖ ᠭᠡᠭᠦ ᠪᠠᠷ ᠦᠪᠡᠷᠳᠡᠭᠡᠨ | ᠬᠢᠬᠦ ᠵᠦᠢᠯ ᠢᠶᠠᠨ ᠬᠢᠵᠤ ᠳᠡᠶᠢᠯᠭᠦ ᠦᠭᠡᠢ᠂ ᠳᠡᠶᠢᠮᠤ ᠴᠡᠴᠡ ᠭᠦᠷᠭᠦ ᠦᠭᠡᠢ᠂ ᠮᠡᠳᠡᠷᠡᠮᠵᠢ ᠭᠦᠷᠭᠦ ᠦᠭᠡᠢ᠂ ᠲᠠᠷ | ᠭᠦᠷᠭᠦ ᠦᠭᠡᠢ᠂ ᠬᠤᠷᠳᠤ ᠭᠦᠷᠭᠦ ᠦᠭᠡᠢ ᠪᠤᠯᠤᠭᠠᠳ ᠢᠷᠡᠭᠦ ᠪᠠᠷ ᠭᠠᠭᠴᠠ ᠰᠡᠳᠬᠢᠯ ᠳᠤ ᠦᠯᠡᠳᠡᠭᠰᠡᠨ ᠪᠦᠭᠡ ᠶᠢᠨ | ᠵᠦᠢᠯ ᠳᠡᠭᠦᠨ ᠤ ᠲᠠᠷᠢᠬᠢ ᠳᠤᠯᠤᠭᠠᠢ ᠶᠢ ᠨᠦᠯᠦᠭᠡᠯᠡᠨ᠎ᠡ᠃ ᠡᠶᠢᠮᠤ ᠦᠶ᠎ᠡ ᠨᠢ ᠢᠷᠡᠭᠦ ᠪᠠᠷ ᠭᠦᠮᠦᠨ ᠰᠡᠳᠬᠢᠯ ᠵᠦᠢ | ᠶᠢᠨ ᠨᠦᠯᠦᠭᠡᠯᠡᠯ ᠠᠴᠠ ᠪᠠᠨ ᠪᠤᠯᠵᠤ ︽ᠳᠡᠶᠢᠮᠤ ᠪᠠᠶᠢᠬᠰᠠᠨ ᠪᠤᠯ︖︾ ᠭᠡᠭᠦ ᠵᠦᠢᠯ ᠳᠤ ᠭᠦᠮᠦᠨ ᠪᠠᠷᠢᠯᠳᠤᠵᠤ | ᠪᠤᠶᠤ ᠬᠠᠯᠵᠠ ᠳᠤᠯᠵᠤ ᠭᠦᠷᠭᠦ ᠪᠢᠰᠢ᠃ ᠬᠠᠷᠢᠨ ᠵᠦᠪᠭᠡᠨ ︽ᠰᠡᠳᠬᠢᠵᠤ ᠭᠦᠷᠳᠡᠭ︾ ᠪᠤᠯᠤᠨ᠎ᠠ᠃ ᠶᠡᠷᠦ ᠨᠢ | ᠰᠡᠳᠬᠢᠬᠦ ᠭᠦᠷᠭᠦ ᠵᠠᠢ ᠪᠤᠯ ᠮᠠᠰᠢ ᠬᠤᠯᠠ᠂ ᠮᠠᠰᠢ ᠡᠭᠡᠳᠡᠷᠡᠭᠡᠨ ᠲᠠᠢ᠂ ᠮᠠᠰᠢ ᠦᠰᠭᠡᠨ ᠳᠦᠰᠭᠡᠨ ᠲᠠᠢ ᠪᠠᠶᠢᠵᠤ | ᠪᠤᠯᠤᠨ᠎ᠠ᠃ ᠤᠭ ᠨᠢ ᠲᠡᠷᠡ ᠨᠢ ᠵᠦᠪᠭᠡᠨ ᠰᠡᠳᠭᠢᠭᠦᠢ ᠶᠢᠨ ᠭᠦᠷᠳᠡᠭ ᠵᠠᠢ ᠯᠡ ᠪᠠᠶᠢᠭ᠎ᠠ ᠠᠴᠠ ᠪᠢᠰᠢ ᠪᠤᠳᠠᠳᠠᠢ ᠳᠤ | ᠭᠦᠷᠦᠰᠢ ᠦᠭᠡᠢ ᠭᠡᠮᠵᠢᠶ᠎ᠡ ᠶᠤᠮ᠃ ᠡᠶᠢᠮᠤ ᠠᠴᠠ ᠶᠠᠮᠠᠷ ᠪᠠᠶᠢᠯᠭᠠᠬᠤ ᠨᠢ ᠳᠤᠬᠠᠢ ᠶᠢᠨ ᠭᠦᠮᠦᠨ ᠤ ᠰᠡᠳᠬᠢᠯ ᠵᠦᠢ | ᠳᠤᠭᠳᠠᠭᠠᠨ᠎ᠠ᠃ ᠡᠭᠦᠨ ᠢ ᠦᠭᠡᠷ᠎ᠡ ᠪᠠᠷ ᠭᠡᠯᠡᠪᠡᠯ ︽ᠴᠠᠶᠢᠷᠠᠬᠤ︾ ᠭᠡᠳᠡᠭ᠃ ᠡᠭᠦᠨ ᠢ ᠰᠡᠳᠬᠢᠯ ᠵᠦᠢ ᠶᠢᠨ | ᠡᠭᠦᠳᠡᠨ ᠠᠴᠠ ᠵᠦᠢᠴᠢᠯᠡᠨ ᠵᠠᠳᠠᠯᠬᠤ ᠶᠤᠮ ᠪᠤᠯ ᠪᠤᠯᠤᠮᠵᠢ ᠨᠡᠭᠡᠭᠡᠭᠳᠡᠨ᠎ᠡ᠃ | ᠶᠢᠰᠦ ᠳᠤ᠄ ᠨᠢᠭᠡ ᠦᠶ᠎ᠡ ᠳᠤ ᠪᠠᠷᠢᠯᠳᠤᠵᠤ ᠪᠠᠶᠢᠭᠰᠠᠨ ᠪᠦᠭᠡ ᠪᠠᠨ ᠳᠤᠭᠤᠬᠤ ᠪᠠᠨ ᠪᠠᠶᠢᠳᠠᠭ ᠵᠢᠳᠦᠭᠡᠷᠭᠡᠯ | ᠪᠤᠢ ᠪᠤᠯᠤᠨ᠎ᠠ᠃ ᠶᠡᠷᠦ ᠨᠢ ᠨᠢᠭᠡ ᠦᠶ᠎ᠡ ᠪᠠᠷᠢᠯᠳᠤᠵᠤ ᠶᠠᠪᠤᠭᠰᠠᠨ ᠪᠦᠭᠡ ᠭᠦᠮᠦᠰ ᠨᠢᠭᠡ ᠨᠢᠭᠡ ᠪᠠᠨ ᠰᠠᠶᠢᠨ | ᠲᠦᠰᠦᠭᠡᠯᠡᠳᠡᠭ ᠨᠢ ᠵᠦᠪ᠃ ᠭᠡᠳᠡᠯ᠎ᠡ ᠶᠠᠮᠠᠷ ᠪᠠᠶᠢᠬᠰᠠᠨ ᠴᠤ ᠬᠠᠷᠢᠵᠤ ᠪᠤᠢ ᠪᠦᠭᠡ ᠭᠦᠮᠦᠨ ᠤ ᠠᠮᠠᠨ ᠠᠴᠠ ᠶᠡᠷᠦ ᠨᠢ | ᠬᠠᠷᠢᠬᠰᠠᠨ᠂ ᠮᠤᠬᠤᠬᠰᠠᠨ᠂ ᠰᠡᠳᠬᠢᠯ ᠠᠯᠳᠠᠷᠠᠭᠰᠠᠨ ᠵᠦᠢᠯ ᠪᠠᠶᠢᠩᠭᠤ ᠭᠠᠷᠤᠭᠠᠳ ᠨᠢᠭᠡ ᠦᠶ᠎ᠡ ᠶᠢᠨ ᠶᠠᠮᠠᠷ ᠴᠤ | ᠪᠦᠭᠡ ᠪᠠᠨ ᠦᠯᠦ ᠲᠣᠭᠤᠮᠰᠢᠷᠯᠠᠬᠤ ᠰᠡᠳᠬᠢᠯ ᠵᠦᠢ ᠶᠢᠨ ᠪᠠᠶᠢᠷᠢ ᠰᠠᠭᠤᠷᠢ ᠲᠠᠢ ᠪᠤᠯᠵᠤ ᠢᠷᠡᠳᠡᠭ᠃ ᠡᠶᠢᠮᠤ | ᠪᠠᠶᠢᠳᠠᠯ ᠴᠦᠭᠡᠨ ᠦᠭᠡᠢ ᠪᠦᠭᠡ ᠳᠤ ᠬᠠᠷᠠᠭᠳᠠᠳᠠᠭ᠃ ᠨᠡᠩ ᠴᠤ ᠨᠢᠭᠡ ᠦᠶ᠎ᠡ ᠬᠠᠮᠳᠤ ᠪᠠᠷᠢᠯᠳᠤᠵᠤ ᠪᠠᠶᠢᠬᠰᠠᠨ | ᠪᠦᠭᠡ ᠨᠢ ᠨᠡᠯᠢᠶᠡᠳ ᠬᠤᠵᠢᠭᠤ ᠪᠤᠯᠳᠠᠯ᠎ᠠ ᠪᠠᠷᠢᠯᠳᠤᠵᠤ ᠪᠠᠶᠢᠬᠤ ᠶᠤᠮ ᠪᠤᠯ ᠡᠶᠢᠮᠤ ᠦᠵᠡᠭᠳᠡᠯ ᠨᠡᠩ ᠶᠡᠭᠡ | ᠤᠷᠤᠰᠢᠨ᠎ᠠ᠃ ᠡᠨᠡ ᠪᠤᠯ ᠬᠠᠷᠢᠯᠳᠠ ᠶᠢᠨ ᠳᠤᠳᠤᠭᠠᠳᠤ ᠰᠡᠳᠬᠢᠯ ᠤᠨ ᠨᠦᠯᠦᠭᠡᠯᠡᠯ ᠪᠠᠶᠢᠭ᠎ᠠ ᠶᠤᠮ᠃ ᠤᠭ ᠨᠢ | ᠦᠨᠡᠭᠡᠷ ᠲᠡᠶᠢᠮᠤ ᠶᠡᠭᠡ ᠦᠵᠡᠨ ᠶᠠᠳᠠᠯᠳᠠ ᠪᠠᠶᠢᠬᠰᠠᠨ ᠤᠤ︖ ᠭᠡᠪᠡᠯ ᠭᠡᠯᠡᠵᠤ ᠮᠡᠳᠡᠭᠦ ᠦᠭᠡᠢ᠃ ᠪᠠᠶᠢᠬᠰᠠᠨ ᠦᠭᠡᠢ | ᠴᠤ ᠪᠠᠶᠢᠵᠤ ᠮᠡᠳᠡᠨ᠎ᠡ᠃ ᠭᠡᠳᠡᠯ᠎ᠡ ᠬᠠᠷᠢᠯᠳᠠ ᠭᠦᠮᠦᠨ ᠢ ᠰᠡᠳᠬᠢᠯ ᠵᠦᠢ ᠪᠠᠷ ᠪᠤᠯᠤᠨ ᠳᠤᠳᠤᠭᠠᠳᠤ ᠰᠡᠳᠬᠢᠯ ᠢᠶᠠᠷ | ᠬᠦᠴᠦᠲᠡᠢ ᠨᠦᠯᠦᠭᠡᠯᠡᠭᠡᠳ ᠢᠷᠡᠭᠦ ᠪᠠᠷ ᠡᠷᠭᠡ ᠦᠭᠡᠢ ᠡᠶᠢᠮᠤ ᠪᠠᠶᠢᠳᠠᠯ ᠪᠤᠢ ᠪᠤᠯᠬᠤ ᠭᠡᠳ ᠪᠠᠶᠢᠳᠠᠭ᠃ ᠬᠠᠷᠢᠯᠳᠠ | ᠪᠦᠭᠡ ᠶᠢᠨ ᠠᠳᠠᠭ᠎ᠠ ᠵᠢᠳᠦᠭᠡ ᠲᠠᠢ ᠴᠤ ᠬᠤᠯᠪᠤᠭᠳᠠᠨ᠎ᠠ᠃ ᠵᠢᠳᠤᠭᠡ ᠶᠡᠭᠡᠳᠦᠭᠦ ᠨᠢ ᠦᠪᠡᠷ ᠤᠨ ᠬᠢᠨᠢ ᠨᠦᠭᠦᠴᠡᠯ | ᠪᠤᠯᠤᠮᠵᠢ ᠪᠤᠰᠤᠳ ᠢ ᠭᠦᠷᠭᠦ ᠪᠠᠨ ᠪᠠᠶᠢᠬᠤ ᠦᠶ᠎ᠡ ᠳᠤ ᠢᠯᠡᠷᠡᠨ᠎ᠡ᠃ ᠡᠶᠢᠮᠤ ᠠᠴᠠ ᠵᠢᠳᠦᠭᠡᠷᠭᠡᠯ ᠨᠢ ᠡᠷᠭᠡ ᠦᠭᠡᠢ | ᠪᠦᠭᠡ ᠶᠢᠨ ᠬᠠᠷᠢᠯᠳᠠ ᠶᠢ ᠬᠦᠴᠦᠲᠠᠢ ᠨᠦᠯᠦᠭᠡᠯᠡᠳᠡᠭ ᠪᠠᠶᠢᠨ᠎ᠠ᠃ ᠨᠢᠭᠡ ᠨᠢᠭᠡ ᠪᠠᠨ ᠳᠤᠭᠤᠬᠤ ᠪᠠᠨ ᠪᠠᠶᠢᠨ᠎ᠠ ᠭᠡᠳᠡᠭ | ᠨᠢ ᠲᠠᠷᠤᠢ ᠵᠢᠳᠦᠭᠡᠷᠭᠡᠯ ᠠᠳᠠᠭᠠᠷᠬᠠᠯ ᠤᠨ ᠬᠦᠴᠦᠨ ᠳᠤ ᠶᠡᠭᠡ ᠪᠠᠷ ᠨᠦᠯᠦᠭᠡᠯᠡᠭᠳᠡᠭᠰᠡᠨ ᠤ ᠢᠯᠡᠷᠡᠯ ᠶᠤᠮ᠃ | ᠠᠷᠪᠡ ᠳᠤ᠄ ᠶᠠᠭᠠᠬᠢᠬᠤ ᠠᠴᠠ ᠡᠮᠦᠨ᠎ᠡ ᠡᠪᠦᠭᠡᠷᠡᠭᠰᠡᠨ ᠲᠦᠷᠢ ᠳᠤ ᠳᠤᠬᠯᠠᠬᠤ ᠭᠡᠳ ᠪᠠᠶᠢᠳᠠᠭ ᠪᠤᠯᠤᠨ᠎ᠠ᠃ | ᠡᠨᠡ ᠪᠤᠯ ᠬᠠᠷᠢᠯᠳᠠ ᠶᠢᠨ ᠳᠤᠳᠤ ᠵᠢᠱᠢᠶ᠎ᠡ ᠶᠤᠮ᠃ ᠨᠢᠭᠡ ᠯᠡ ᠶᠡᠭᠡ ᠬᠠᠭᠤᠴᠢᠷᠠᠵᠤ᠂ ᠨᠢᠭᠡ ᠯᠡ ᠶᠡᠭᠡ ᠳᠤᠬᠢ | ᠳᠤᠯᠤᠭᠠᠶᠢᠯᠠᠵᠤ᠂ ᠠᠯᠢᠨ ᠭᠠᠯᠪᠡ ᠶᠢᠨ ᠵᠦᠢᠯ ᠶᠠᠷᠢᠵᠤ ᠵᠠᠯᠠᠭᠤᠴᠤᠳ ᠤᠨ ᠳᠤᠮᠳᠠ ᠶᠡᠭᠡ ᠡᠷᠳᠡ ᠳᠤᠭᠤᠭ᠎ᠠ | ᠬᠠᠳᠠᠭᠰᠠᠨ᠂ ᠭᠤᠳᠤᠯ ᠡᠯᠡᠭᠡᠭᠰᠡᠨ᠂ ᠤᠰᠤ ᠤᠤᠭᠤᠭᠰᠠᠨ ᠭᠦᠮᠦᠨ ᠪᠤᠯᠵᠤ ᠵᠤᠬᠰᠤᠬᠤ ᠭᠡᠳ ᠪᠠᠶᠢᠳᠠᠭ᠃ | ᠠᠯᠬᠤᠵᠤ ᠬᠢᠰᠬᠢᠬᠦ ᠪᠠᠶᠢᠳᠠᠯ᠂ ᠨᠢᠭᠤᠷ ᠴᠢᠷᠠᠢ ᠶᠢᠨ ᠪᠠᠶᠢᠳᠠᠯ᠂ ᠭᠠᠷᠤᠭ᠎ᠠ ᠤᠷᠤᠭ᠎ᠠ ᠶᠢᠨ ᠪᠠᠶᠢᠳᠠᠯ᠂ ᠳᠡᠪᠢᠯᠭᠡ ᠵᠡᠷᠭᠡ | ᠳᠤ ᠪᠦᠷ ᠭᠡᠵᠢᠶ᠎ᠡ ᠬᠢᠷᠢ ᠶᠢᠨ ᠡᠪᠤᠭᠡᠨ ᠬᠦᠮᠦᠨ — ᠲᠠᠷᠤᠢ ᠳᠤᠶᠢᠯ ᠤᠨ ᠬᠠᠰᠢᠷ ᠭᠦᠮᠦᠨ ᠤ ᠲᠦᠷᠢ ᠡᠰᠬᠡᠬᠦ ᠭᠡᠳ | ᠪᠠᠶᠢᠳᠠᠭ ᠮᠡᠳᠡᠷᠡᠮᠵᠢ ᠪᠤᠯ ᠭᠠᠷᠴᠠᠭ᠎ᠠ ᠦᠭᠡᠢ ᠬᠠᠷᠢᠯᠳᠠ ᠮᠦᠨ᠃ ᠬᠦᠮᠦᠨ ᠦᠪᠡᠷ ᠤᠨ ᠪᠠᠶᠢᠳᠠᠯ ᠢᠶᠠᠨ ᠭᠡᠨ ᠠᠴᠠ | ᠳᠤᠳᠤᠷᠬᠠᠢ ᠮᠡᠳᠡᠳᠡᠭ᠃ ᠦᠪᠡᠷ ᠤᠨ ᠲᠠᠷ ᠭᠦᠴᠦ ᠶᠠᠮᠠᠷ ᠪᠠᠶᠢᠭ᠎ᠠ᠂ ᠰᠡᠷᠡᠯ ᠮᠡᠳᠡᠷᠡᠮᠵᠢ ᠶᠠᠮᠠᠷ ᠪᠠᠶᠢᠭ᠎ᠠ᠂ ᠬᠤᠷᠳᠤ | ᠴᠡᠴᠡ ᠶᠠᠮᠠᠷ ᠪᠠᠶᠢᠭ᠎ᠠ ᠪᠠᠨ ᠨᠢᠬᠡᠨᠳᠡ ᠮᠡᠳᠡᠭᠡᠳ ᠨᠠᠶᠢᠷ ᠲᠤ ᠳᠡᠭᠡᠵᠤ ᠨᠢᠭᠡ ᠶᠡᠭᠡ ᠳᠡᠭᠡᠭᠰᠢᠯᠡᠭᠦ ᠦᠭᠡᠢ ᠪᠤᠯᠬᠤ ᠵᠦᠩ | ᠰᠤᠪᠢᠩ ᠨᠢ ᠡᠷᠳᠡ ᠮᠡᠳᠡᠭᠳᠡᠭᠦ ᠦᠶ᠎ᠡ ᠳᠤ ᠶᠠᠮᠠᠷ ᠪᠠᠶᠢᠭ ᠨᠢᠭᠡ ᠵᠦᠢᠯ ᠤᠨ ᠭᠡᠯᠪᠡᠷᠢ ᠪᠠᠷ ᠦᠪᠡᠷ ᠤᠨ ᠳᠡᠷᠡᠭᠦ | ᠪᠠᠶᠢᠳᠠᠯ ᠢᠶᠠᠨ ᠬᠠᠯᠬᠠᠯᠠᠬᠤ ᠭᠡᠳ ᠪᠠᠶᠢᠳᠠᠭ ᠵᠠᠩ ᠪᠠᠶᠢᠳᠠᠭ᠃ ᠡᠶᠢᠮᠤᠷᠭᠦ ᠬᠠᠭᠤᠴᠢᠷᠠᠵᠤ ᠪᠤᠢ ᠪᠠᠨ ᠲᠠᠯᠳᠠᠯᠠᠨ | ᠬᠠᠯᠬᠠᠯᠠᠬᠤ ᠵᠠᠩ ᠭᠠᠭᠴᠠ ᠪᠦᠭᠡ ᠭᠦᠮᠦᠨ ᠳᠤ ᠯᠡ ᠪᠠᠶᠢᠭ᠎ᠠ ᠪᠢᠰᠢ᠃ ᠦᠭᠡᠷ᠎ᠡ ᠶᠠᠮᠠᠷ ᠨᠢᠭᠡᠨ ᠠᠵᠢᠯ ᠮᠡᠷᠭᠡᠵᠢᠯ ᠤᠨ | ᠭᠦᠮᠦᠰ ᠲᠤ ᠴᠤ ᠵᠦᠩᠳᠡᠭᠡᠨ ᠬᠠᠷᠠᠭᠳᠠᠳᠠᠭ᠃ ᠳᠡᠭᠡᠭᠡᠳ ᠶᠠᠮᠠᠷ ᠪᠠᠶᠢᠭ ︽ᠪᠢ ᠴᠢᠮ᠎ᠠ ᠠᠴᠠ ᠡᠷᠳᠡ ᠪᠠᠷᠢᠯᠳᠤᠭᠰᠠᠨ | ︾᠂ ︽ᠪᠢ ᠴᠢᠮ᠎ᠡ ᠠᠴᠠ ᠤᠯᠠᠨ ᠨᠠᠶᠢᠷ ᠳᠤᠭᠤᠷᠢᠬᠰᠠᠨ︾᠂ ︽ᠪᠢ ᠴᠢᠮ᠎ᠡ ᠠᠴᠠ ᠤᠯᠠᠨ ᠢ ᠦᠵᠡᠭᠰᠡᠨ︾ ᠭᠡᠭᠦ | ᠮᠡᠳᠤ ᠶᠢᠨ ᠵᠦᠢᠯ ᠢᠶᠠᠷ ᠦᠪᠡᠷ ᠤᠨ ᠪᠤᠯᠵᠤ ᠪᠦᠳᠦᠭᠦ ᠦᠭᠡᠢ ᠲᠠᠯ᠎ᠠ᠂ ᠳᠤᠳᠠᠭᠳᠠᠯ ᠲᠠᠢ ᠲᠠᠯ᠎ᠠ᠂ ᠬᠠᠷᠢᠵᠤ ᠪᠤᠢ | ᠲᠠᠯ᠎ᠠ ᠵᠡᠷᠭᠡ ᠪᠠᠨ ᠬᠠᠯᠬᠠᠯᠠᠬᠤ ᠵᠦᠴᠦᠭᠡ ᠳᠤ ᠳᠤᠬᠯᠠᠵᠤ ᠰᠡᠳᠬᠢᠯ ᠢᠶᠠᠨ ᠬᠠᠭᠤᠷᠠᠨ ᠲᠠᠭᠠᠰᠢᠶᠠᠯ ᠠᠪᠤᠨ | ᠲᠠᠶᠢᠳᠬᠤᠷᠠᠭᠤᠯᠬᠤ ᠪᠠᠶᠢᠳᠠᠯ ᠲᠦᠭᠦᠵᠤ ᠪᠤᠢ ᠪᠦᠭᠡ ᠳᠤ ᠶᠡᠭᠡᠭᠡᠨ ᠬᠠᠷᠠᠬᠳᠠᠭᠠᠳ ᠪᠠᠶᠢᠳᠠᠭ᠃ | ᠶᠠᠰᠤᠨ ᠤ ᠪᠦᠭᠡ ᠪᠤᠯᠤᠨ ᠪᠦᠭᠡ ᠶᠢᠨ ᠬᠠᠷᠢᠯᠳᠠ ᠵᠤᠬᠢᠬᠤ ᠲᠠᠯ᠎ᠠ ᠳᠤ ᠨᠢᠬᠳᠠ ᠬᠤᠯᠪᠤᠭ᠎ᠠ ᠲᠠᠢ ᠪᠠᠶᠢᠳᠠᠭ᠃ | ᠬᠠᠷᠢᠯᠳᠠ ᠦᠭᠡᠢ ᠰᠠᠶᠢᠨ ᠪᠠᠷᠢᠯᠳᠤᠭᠰᠠᠨ ᠬᠦᠮᠦᠨ ᠠᠴᠠ ᠶᠠᠰᠤᠨ ᠤ ᠪᠦᠭᠡ ᠳᠤᠳᠤᠷᠠᠬᠤ ᠪᠤᠯᠤᠮᠵᠢ ᠲᠠᠢ᠃ ᠪᠦᠭᠡ | ᠶᠢᠨ ᠬᠠᠷᠢᠯᠳᠠ ᠨᠢ ᠶᠠᠰᠤᠨ ᠤ ᠪᠦᠭᠡ ᠪᠤᠯᠬᠤ ᠡᠰᠡᠭᠦ ᠶᠢ ᠨᠦᠯᠦᠭᠡᠯᠡᠨ᠎ᠡ᠃ ᠦᠨᠦ ᠶᠢᠨ ᠬᠤᠪᠢ ᠳᠤ ᠪᠠᠷᠠᠭᠤᠨ | ᠦᠵᠦᠮᠦᠴᠢᠨ ᠤ ᠮᠢ ᠰᠤᠶᠤᠯ ᠠᠪᠤᠷᠭᠤ ᠪᠤᠯᠤᠨ ᠵᠡᠭᠦᠨ ᠦᠵᠦᠮᠦᠴᠢᠨ ᠤ ᠠᠯᠤᠬᠠᠪᠠᠭᠠᠳᠤᠷ ᠨᠠᠷ ᠬᠠᠷᠢᠯᠳᠠ ᠦᠭᠡᠢ | ᠰᠠᠶᠢᠨ ᠪᠠᠷᠢᠯᠳᠤᠵᠤ ᠪᠠᠶᠢᠨ᠎ᠠ᠃ ᠡᠶᠢᠮᠤ ᠯᠡ ᠭᠦᠮᠦᠨ ᠶᠠᠰᠤᠨ ᠤ ᠪᠦᠭᠡ ᠪᠤᠯᠬᠤ ᠵᠦᠭ ᠭᠦᠭᠵᠢᠳᠡᠭ᠃ ᠬᠠᠷᠢᠯᠳᠠ | ᠦᠭᠡᠢ ᠪᠠᠷᠢᠯᠳᠤᠬᠤ ᠪᠦᠭᠡ ᠭᠦᠮᠦᠨ ᠳᠡᠳᠡᠭᠡᠷ ᠤᠨᠴᠠᠯᠢᠭ ᠰᠢᠨᠵᠢ ᠶᠢ ᠲᠠᠪᠠᠨ ᠳᠤᠭᠤᠯᠵᠤ᠂ ᠪᠡᠶ᠎ᠡ ᠰᠡᠳᠬᠢᠯ ᠢᠶᠠᠨ | ᠳᠡᠭᠰᠢᠯᠡᠭᠦ ᠨᠢᠭᠡᠨ ᠵᠦᠭ ᠤᠨ ᠦᠵᠦᠭᠦᠷ ᠰᠡᠳᠬᠢᠯ ᠢ ᠪᠠᠷᠢᠵᠤ ᠦᠷᠭᠦᠯᠵᠢᠯᠡᠨ ᠨᠠᠶᠢᠷ ᠤᠨ ᠤᠷᠢᠶ᠎ᠠ ᠳᠤᠭᠤᠯᠠᠨ ᠨᠡᠷ᠎ᠡ | ᠭᠤᠩᠰᠢᠩ ᠢᠶᠠᠷ ᠲᠠᠭᠤᠳᠠᠭᠤᠯᠵᠤ ᠶᠠᠪᠤᠭᠰᠠᠭᠠᠷ ᠶᠠᠰᠤᠨ ᠤ ᠪᠦᠭᠡ ᠪᠤᠯᠵᠤ ᠮᠦᠩᠭᠡᠷᠡᠳᠡᠭ᠃ ᠬᠠᠷᠠᠮᠰᠠᠯ ᠲᠠᠢ ᠨᠢ | ᠶᠠᠭᠠᠬᠢᠬᠤ ᠠᠴᠠ ᠡᠮᠦᠨ᠎ᠡ ᠬᠠᠷᠢᠵᠤ᠂ ᠶᠠᠭᠠᠬᠢᠬᠤ ᠠᠴᠠ ᠡᠮᠦᠨ᠎ᠡ ᠵᠤᠳᠤᠭ ᠲᠠᠶᠢᠯᠵᠤ᠂ ᠶᠠᠭᠠᠬᠢᠬᠤ ᠠᠴᠠ ᠡᠮᠦᠨ᠎ᠡ | ᠰᠡᠳᠬᠢᠯ ᠵᠦᠢ ᠶᠢᠨ ᠨᠦᠯᠦᠭᠡᠯᠡᠯ ᠭᠦᠷᠳᠡᠭᠦ ᠨᠢ ᠨᠢᠭᠡ ᠰᠠᠶᠢᠨ ᠪᠦᠭᠡ ᠶᠢ ᠶᠡᠭᠡ ᠡᠷᠳᠡ ᠬᠠᠷᠢᠯᠳᠠ ᠶᠢᠨ ᠵᠠᠮ ᠳᠤ | ᠤᠷᠤᠭᠤᠯᠵᠤ ᠬᠦᠮᠦᠨ ᠵᠤᠨ ᠠᠴᠠ ᠬᠤᠯᠠᠳᠤᠭᠤᠯᠳᠠᠭ᠃ | ᠪᠦᠭᠡ ᠭᠦᠮᠦᠨ ᠶᠡᠷᠦ ᠨᠢ ᠭᠤᠨᠢᠷᠬᠠᠯ ᠢ ᠳᠡᠪᠴᠢᠨ᠂ ᠴᠦᠭᠦᠷᠡᠯ ᠢ ᠲᠠᠪᠠᠵᠤ᠂ ᠲᠦᠭᠰᠢᠭᠦᠷᠢ ᠶᠢ ᠢᠯᠨ᠂ | ᠠᠶᠤᠩᠭᠤᠷᠢ ᠶᠢ ᠠᠷᠢᠯᠭᠠᠵᠤ ᠪᠡᠶ᠎ᠡ ᠰᠡᠳᠬᠢᠯ ᠢᠶᠠᠷ ᠢᠮᠠᠬᠳᠠ ᠰᠠᠶᠢᠨ ᠳᠡᠵᠢᠭᠡᠵᠤ᠂ ᠪᠦᠭᠡ ᠭᠦᠮᠦᠨ ᠤ ᠪᠠᠶᠢᠵᠤ | ᠪᠤᠯᠬᠤᠶᠢᠴᠠ ᠤᠷᠤᠨ ᠵᠠᠢ — ᠲᠠᠷᠤᠢ ᠰᠤᠷᠢᠶ᠎ᠠ ᠪᠤᠯᠪᠠᠰᠤᠷᠠᠯ ᠲᠠᠢ ᠪᠠᠶᠢᠬᠤ᠂ ᠰᠡᠳᠭᠢᠯ ᠤᠨ ᠲᠠᠮᠢᠷ ᠲᠠᠢ ᠪᠠᠶᠢᠬᠤ᠂ | ᠤᠶᠤᠨ ᠤ ᠨᠦᠭᠡᠴᠡ ᠲᠠᠢ ᠪᠠᠶᠢᠬᠤ᠂ ᠢᠯᠠᠨ ᠲᠠᠪᠠᠭ᠋ᠤ ᠵᠤᠷᠢᠭ ᠤᠮᠤᠭ ᠲᠠᠢ ᠪᠠᠶᠢᠬᠤ᠂ ᠪᠠᠶᠢᠩᠭᠤ ᠶᠢᠨ ᠰᠠᠶᠢᠬᠠᠨ | ᠲᠠᠳᠬᠠᠯ ᠲᠠᠢ ᠪᠠᠶᠢᠬᠤ ᠵᠡᠷᠭᠡ ᠠᠯᠢ ᠤᠯᠠᠨ ᠲᠠᠯ᠎ᠠ ᠶᠢ ᠭᠦᠢᠴᠡᠭᠡᠵᠤ ᠴᠢᠳᠠᠬᠤ ᠳᠤ ᠭᠦᠷᠪᠡᠯ ᠬᠠᠷᠢᠯᠳᠠ ᠤᠳᠠᠭᠠᠰᠢᠷᠠᠨ | ᠤᠯᠠᠨ ᠵᠢᠯ ᠰᠠᠶᠢᠨ ᠪᠠᠷᠢᠯᠳᠤᠵᠤ ᠴᠢᠳᠠᠬᠤ ᠪᠤᠯᠤᠨ᠎ᠠ᠃ |