※ ᠭᠦᠮᠦᠨ ᠤ ᠪᠡᠶ᠎ᠡ ᠶᠢᠨ ᠴᠢᠰᠤᠨ ᠤ ᠲᠤᠳᠤᠷᠠᠭᠢ ᠤᠯᠠᠭᠠᠨ ᠡᠰ ᠤᠨ ᠠᠮᠢ ᠨᠠᠰᠤ ᠪᠤᠯ ᠲᠦᠷᠪᠡᠨ ᠰᠠᠷ᠎ᠠ | ᠪᠠᠶᠢᠳᠠᠭ᠃ ᠭᠡᠳᠡᠯ᠎ᠡ ᠲᠡᠳᠡᠨ ᠤ ᠠᠮᠢ ᠨᠠᠰᠤᠨ ᠤ ᠠᠶᠠᠯᠠᠯ ᠨᠢ ᠬᠠᠷᠢᠨ160 ᠭᠠᠷᠤᠢ ᠲᠦᠮᠡᠨ ᠮᠧᠲᠷ ᠪᠤᠢ᠃ | ※ ᠭᠦᠮᠦᠨ ᠤ ᠶᠡᠭᠡ ᠲᠠᠷᠢᠭᠢᠨ ᠳᠤ ᠵᠠᠭᠤ ᠭᠠᠷᠤᠢ ᠳ᠋ᠦᠩᠰᠢᠭᠤᠷ ᠮᠡᠳᠡᠷᠡᠯ ᠤᠨ ᠡᠰ ᠲᠠᠢ ᠪᠠᠶᠢᠵᠤ᠂ ᠡᠳᠤᠷ | ᠪᠦᠷᠢ ᠭᠦᠮᠦᠨ ᠤ ᠠᠮᠢᠳᠤᠷᠠᠯ ᠲᠤᠮᠳᠠᠭᠢ ᠪᠠᠷᠤᠭ 8600 ᠲᠦᠮᠡ ᠭᠠᠷᠤᠢ ᠮᠡᠳᠡᠭᠡ ᠵᠠᠩᠭᠢ ᠶᠢ ᠬᠠᠳᠠᠭᠠᠯᠠᠵᠤ | ᠴᠢᠳᠠᠳᠠᠭ᠃ ᠵᠢᠱᠢᠯᠳᠡ ᠪᠠᠷ᠂ ᠭᠦᠮᠦᠨ ᠤ ᠨᠢᠭᠡ ᠨᠠᠰᠤᠨ ᠳᠤ ᠤᠢ ᠴᠡᠭᠡᠵᠢ ᠪᠠᠷ ᠢᠶᠠᠨ ᠵᠠᠭᠤᠨ ᠳ᠋ᠦᠩᠰᠢᠭᠤᠷ | ᠵᠤᠷᠪᠤᠰ ᠮᠡᠳᠡᠭᠡ ᠵᠠᠩᠭᠢ ᠶᠢ ᠬᠠᠳᠠᠭᠠᠯᠠᠵᠤ ᠴᠢᠳᠠᠳᠠᠭ᠃ | ※ ᠭᠡᠷᠪᠡ ᠶᠡᠭᠡ ᠲᠠᠷᠢᠭᠢᠨ ᠤ ᠠᠵᠢᠯᠯᠠᠭ᠎ᠠ ᠶᠢ ᠴᠠᠭᠢᠯᠭᠠᠨ ᠡᠨᠧᠷᠭᠢ ᠪᠤᠯᠭᠠᠵᠤ ᠬᠤᠪᠢᠷᠠᠭᠤᠯᠪᠠᠯ ᠨᠢᠭᠡ 20 | ᠸᠠᠲ ᠤᠨ ᠳ᠋ᠸᠡᠭ ᠤᠨ ᠫᠤᠤᠽᠢ ᠤᠨ ᠴᠢᠳᠠᠯ ᠲᠠᠢ ᠲᠡᠩᠴᠡᠳᠡᠭ᠃ | ※ ᠪᠠᠭᠠᠯᠵᠤᠤᠷ ᠪᠤᠯ ᠭᠦᠮᠦᠨ ᠤ ᠪᠡᠶ᠎ᠡ ᠶᠢᠨ ᠬᠠᠮᠤᠭ ᠤᠨ ᠶᠠᠭᠠᠷᠠᠯᠳᠠᠢ ᠨᠡᠪᠳᠡᠷᠡᠭᠦ ᠵᠠᠮ ᠪᠤᠯᠤᠨ᠎ᠠ᠃ | ᠭᠦᠮᠦᠨ ᠪᠦᠷᠢ ᠨᠢᠭᠡ ᠨᠠᠰᠤᠨ ᠳᠠᠭᠠᠨ ᠠᠮᠠ ᠪᠠ ᠪᠠᠭᠠᠯᠵᠤᠤᠷ ᠢᠶᠠᠷ ᠢᠶᠠᠨ ᠲᠠᠮᠵᠢᠵᠤ ᠢᠳᠡᠵᠤ ᠤᠷᠤᠭᠤᠯᠤᠭᠰᠠᠨ | ᠢᠳᠠᠰᠢ ᠨᠢ 40 ᠲᠤᠨ ᠭᠦᠷᠴᠤ᠂ ᠠᠮᠢᠰᠬᠤᠵᠤ ᠤᠷᠤᠭᠤᠯᠤᠭᠰᠠᠨ ᠠᠭᠠᠷ ᠨᠢ ᠪᠠᠷᠤᠭ 35 ᠲᠦᠮᠡᠨ ᠺᠦᠪ ᠮᠧᠲᠷ | ᠪᠠᠶᠢᠳᠠᠭ᠃ | ※ ᠨᠢᠭᠡ ᠶᠠᠭᠤᠮ᠎ᠠ ᠶᠢᠨ ᠭᠡᠷᠡᠯ ᠨᠢᠳᠤᠨ ᠳᠤ ᠤᠷᠤᠭᠠᠳ ᠶᠡᠭᠡ ᠲᠡᠷᠢᠭᠢ ᠡᠨᠡ ᠶᠠᠭᠤᠮ᠎ᠠ ᠶᠢ ᠢᠯᠭᠠᠨ | ᠲᠠᠨᠢᠵᠤ ᠠᠪᠬᠤ ᠪᠤᠯᠳᠠᠯ᠎ᠠ ᠪᠠᠷᠤᠭ ᠲᠠᠪᠤᠨ ᠵᠠᠭᠤᠨ ᠬᠤᠪᠢᠨ ᠤ ᠨᠢᠭᠡ ᠮᠢᠨᠦ᠋ᠲ ᠤᠨ ᠴᠠᠭ ᠭᠡᠷᠡᠭᠰᠡᠳᠡᠭ᠃ | ※ ᠭᠦᠮᠦᠨ ᠤ ᠨᠢᠳᠤ ᠲᠤᠶᠢᠯ ᠤᠨ ᠬᠤᠷᠴᠠ ᠪᠠᠶᠢᠳᠠᠭ᠃ ᠬᠠᠩᠭᠠᠮᠵᠢᠳᠠᠢ ᠰᠠᠶᠢᠨ ᠨᠦᠭᠦᠴᠡᠯ ᠲᠤᠤᠷ᠎ᠠ | ᠵᠤᠭᠰᠤᠪᠠᠯ 80 ᠺᠢᠯᠦᠮᠧᠲᠷ ᠬᠤᠯᠠ ᠠᠰᠭᠠᠭᠰᠠᠨ ᠴᠤᠶᠢᠳᠧᠩ ᠤᠨ ᠭᠠᠯ ᠢ ᠤᠯᠵᠤ ᠦᠵᠡᠳᠡᠭ᠃ | ※ ᠡᠷᠡᠭᠦᠯ ᠭᠦᠮᠦᠨ ᠵᠢᠯ ᠪᠦᠷᠢ ᠲᠤᠮᠳᠠᠴᠢ ᠪᠠᠷ ᠬᠠᠭᠠᠰ ᠺᠢᠯᠦᠭᠷᠠᠮ ᠨᠢᠯᠪᠤᠰᠤ ᠭᠠᠷᠭᠠᠳᠠᠭ᠃ | ※ ᠭᠦᠮᠦᠨ ᠤ ᠬᠠᠮᠤᠭ ᠤᠨ ᠤᠷᠳᠤ ᠵᠡᠭᠦᠳᠤ 40 ᠮᠢᠨᠦ᠋ᠲ ᠢ ᠭᠡᠳᠤᠷᠡᠳᠡᠭ ᠦᠭᠡᠢ᠃ | ※ ᠨᠢᠭᠡ ᠭᠦᠮᠦᠨ ᠬᠠᠮᠤᠭ ᠤᠷᠳᠤ ᠳᠠᠭᠠᠨ ᠵᠠᠯᠭᠠᠭᠠᠳ 121 ᠴᠠᠭ ᠤᠨᠳᠠᠬᠤ ᠦᠭᠡᠢ ᠪᠠᠶᠢᠵᠤ ᠴᠢᠳᠠᠳᠠᠭ | ᠃ | ※ ᠭᠦᠮᠦᠨ ᠤ ᠭᠠᠷ ᠤᠨ ᠬᠤᠷᠤᠭᠤ ᠲᠤᠩ ᠰᠡᠷᠭᠡᠭ ᠪᠠᠶᠢᠳᠠᠭ᠃ ᠲᠠᠪᠤᠨ ᠮᠢᠩᠭᠠᠨ ᠲᠦᠮᠡᠨ ᠬᠤᠪᠢᠨ ᠤ | ᠨᠢᠭᠡ ᠮᠧᠲᠷ ᠤᠨ ᠭᠦᠩᠭᠡᠨ ᠭᠡᠯᠪᠡᠯᠵᠢᠯᠳᠡ ᠶᠢ ᠴᠦ ᠭᠠᠷ ᠤᠨ ᠬᠤᠷᠤᠭᠤ ᠪᠠᠰᠠ ᠰᠡᠷᠡᠵᠤ ᠮᠡᠳᠡᠳᠡᠭ᠃ |