ᠲᠡᠦᠭᠡᠨ ᠣᠯᠠᠷᠢᠯ ︵ᠵᠢᠷᠭᠤᠭ᠎ᠠ︶ | | 1960 ᠣᠨ᠄ | 1 ᠰᠠᠷ᠎ᠠ ᠶᠢᠨ 20 ᠤ ᠡᠳᠦᠷ᠂ ᠣᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠬᠤᠸᠠᠩ ᠪᠠᠢ | ᠼᠢ ᠶᠢᠨ ᠠᠭᠤᠷᠬᠠᠢ ᠶᠢᠨ ᠰᠣᠪᠠᠭ ᠢ ᠡᠬᠢᠯᠡᠨ ᠪᠠᠶᠢᠭᠤᠯᠪᠠ᠃ ᠵᠢᠷᠤᠭ ᠲᠥᠯᠥᠪᠯᠡᠭᠡ ᠬᠢᠭᠰᠡᠨ ᠴᠢᠳᠠᠪᠤᠷᠢ ᠪᠠᠷ ᠵᠢᠯ | ᠤᠨ ᠨᠡᠭᠦᠷᠡᠰᠦᠨ ᠤ ᠭᠠᠷᠣᠯᠳᠠ 60 ᠲᠦᠮᠡᠨ ᠲᠤᠨ ᠪᠤᠯᠤᠨ᠎ᠠ᠃ | 2 ᠰᠠᠷ᠎ᠠ᠂ ᠯᠤᠭᠰᠢᠳᠠᠷ ᠤᠨ ᠨᠡᠭᠦᠷᠡᠰᠦᠨ ᠠᠭᠤᠷᠬᠠᠢ ᠶᠢᠨ ᠶᠡᠭᠡ ᠨᠢᠭᠡᠳᠦᠭᠡᠷ ᠲᠠᠰᠢᠭᠤ ᠬᠤᠳᠳᠤᠭ ᠢ ᠡᠬᠢᠯᠡᠨ | ᠪᠠᠶᠢᠭᠤᠯᠪᠠ᠃ ᠵᠢᠷᠤᠭ ᠲᠥᠯᠥᠪᠯᠡᠭᠡ ᠬᠢᠭᠰᠡᠨ ᠴᠢᠳᠠᠪᠤᠷᠢ ᠪᠠᠷ ᠵᠢᠯ ᠤᠨ ᠨᠡᠭᠦᠷᠡᠰᠦᠨ ᠤ ᠭᠠᠷᠣᠯᠳᠠ 30 ᠲᠦᠮᠡᠨ | ᠲᠤᠨ ᠪᠤᠯᠤᠨ᠎ᠠ᠃ | 3 ᠰᠠᠷ᠎ᠠ᠂ ᠣᠳᠠ ᠪᠠᠯᠭᠠᠰᠣ ︽ᠤᠯᠠᠭᠠᠨᠮᠤᠳᠤ ᠶᠢᠨ ᠠᠳᠠᠷ ᠬᠠᠭᠠᠯᠪᠤᠷᠢᠯᠠᠬᠤ ᠬᠡᠭᠡᠷᠯᠡᠨ ᠪᠠᠶᠢᠯᠳᠣᠬᠤ ᠬᠤᠷᠢᠶ᠎ᠠ | ︾ ᠶᠢ ᠵᠤᠬᠢᠶᠠᠨ ᠪᠠᠶᠢᠭᠤᠯᠵᠤ᠂ ᠪᠠᠯᠭᠠᠰᠣᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠭᠦᠨ ᠸᠧᠢ ᠶᠢ ᠲᠢᠩ | ᠵᠢᠯᠣᠭᠤᠳᠣᠬᠴᠢ ᠶᠢᠨ ᠲᠤᠰᠢᠶᠠᠯ ᠢ ᠬᠠᠷᠢᠭᠤᠴᠠᠪᠠ᠂ ᠬᠠᠮᠲᠤᠷᠠᠭᠰᠠᠨ ᠪᠠᠶᠢᠯᠳᠤᠭᠠᠨ ᠳᠤ 6000 ᠭᠠᠷᠣᠢ ᠬᠦᠮᠦᠨ | ᠣᠷᠣᠯᠴᠠᠵᠤ᠂ 6 ᠪᠠᠲᠯᠢᠶᠤᠨ ᠬᠤᠪᠢᠶᠠᠪᠠ᠂ ᠾᠧ ᠭᠤᠸᠠᠢ ᠽᠢ᠂ ᠤᠳᠠ ᠶᠢᠨ ᠲᠠᠩ᠂ ᠤᠯᠠᠭᠠᠨᠮᠤᠳᠤ ᠳᠤ 1 | ᠲᠦᠮᠡ ᠭᠠᠷᠤᠢ ᠮᠤ᠋ ᠠᠳᠠᠷ ᠬᠠᠭᠠᠯᠪᠤᠷᠢᠯᠠᠵᠤ᠂ ᠲᠤᠰ ᠵᠢᠯ ᠳᠤᠨᠢ ᠤᠯᠠᠩᠬᠢ ᠠᠳᠠᠷ ᠭᠠᠵᠠᠷ ᠲᠤ ᠢᠳᠡᠰᠢᠨ ᠨᠤᠭᠤᠭ᠎ᠠ | ᠲᠠᠷᠢᠪᠠ᠃ | 4 ᠰᠠᠷ᠎ᠠ ᠶᠢᠨ 19 ~ 23 ᠤ ᠡᠳᠦᠷ ᠂ ᠲᠤᠮᠳᠠᠲᠤ ᠣᠯᠣᠰ ᠤᠨ ᠡᠪ ᠬᠠᠮᠲᠤ ᠨᠠᠮ ᠤᠨ ᠤᠷᠠᠨ ᠲᠦᠰᠢ | ᠠᠭᠤᠷᠬᠠᠢ ᠶᠢᠨ ᠣᠷᠣᠨ ᠤ ᠨᠢᠭᠡᠳᠦᠭᠡᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠶᠡᠭᠡ | ᠬᠤᠷᠠᠯ ᠠᠴᠠ ᠠᠭᠤᠷᠬᠠᠢ ᠶᠢᠨ ᠣᠷᠣᠨ ᠤ ᠨᠠᠮ ᠤᠨ ᠬᠤᠷᠢᠶᠠᠨ ᠤ ᠠᠵᠢᠯ ᠤᠨ ᠢᠯᠡᠳᠭᠡᠯ ᠢ ᠰᠣᠨᠣᠰᠤᠨ ᠬᠢᠨᠠᠨ | ᠵᠦᠪᠯᠡᠯᠭᠡ ᠬᠢᠵᠣ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠠᠭᠤᠷᠬᠠᠢ ᠶᠢᠨ ᠣᠷᠣᠨ ᠤ ᠨᠢᠭᠡᠳᠦᠭᠡᠷ | ᠬᠤᠭᠤᠴᠠᠭᠠᠨ ᠤ ᠭᠡᠰᠵᠬᠦᠤᠡ ᠤᠨ ᠬᠤᠷᠠᠯ ᠢ ᠰᠣᠩᠭᠤᠨ ᠭᠠᠷᠭᠠᠵᠤ᠂ ᠬᠤᠤ ᠸᠧᠨ ᠭᠤᠸᠠᠩ ᠨᠢᠭᠡᠳᠦᠭᠡᠷ ᠱᠦᠵᠢ ᠪᠠᠷ | ᠰᠤᠩᠭᠤᠭᠳᠠᠪᠠ᠃ | 5 ᠰᠠᠷ᠎ᠠ ᠶᠢᠨ 1 ᠤ ᠡᠳᠦᠷ᠂ ᠣᠷᠠᠨ ᠲᠦᠰᠢ ᠶᠢᠨ ᠠᠭᠤᠷᠬᠠᠢ ᠶᠢᠨ ᠤᠷᠤᠨ ᠤ ᠬᠠᠶᠢᠷᠤᠪ ᠤᠨ ᠲᠤᠬᠤᠢ | ᠶᠢᠨ ᠢᠳᠡᠰᠢᠨ ᠨᠤᠭᠤᠭᠠᠨ ᠤ ᠠᠷᠠᠳ ᠤᠨ ᠭᠦᠩᠱᠧ ᠪᠤᠯᠤᠨ ᠣᠯᠣᠰ ᠠᠴᠠ ᠡᠷᠭᠢᠯᠡᠭᠰᠡᠨ ᠢᠳᠡᠰᠢᠨ ᠨᠤᠭᠤᠭᠠᠨ ᠤ | ᠲᠠᠷᠢᠶᠠᠯᠠᠩ ᠤᠨ ᠲᠠᠯᠠᠪᠠᠢ ᠯᠤᠭ᠎ᠠ ᠨᠡᠶᠢᠯᠡᠭᠦᠯᠦᠨ ︽5.1︾ ᠢᠳᠡᠰᠢᠨ ᠨᠤᠭᠤᠭᠠᠨ ᠤ ᠲᠠᠯᠠᠪᠠᠢ ᠪᠤᠯᠭᠠᠵᠤ᠂ ᠲᠤᠤᠷ᠎ᠠ | ᠪᠠᠨ 4 ᠶᠡᠭᠡ ᠪᠠᠷᠢᠭᠠᠳᠠ᠂ 16 ᠲᠠᠷᠢᠶᠠᠯᠠᠩ ᠤᠨ ᠦᠢᠯᠡᠳᠪᠦᠷᠢᠯᠡᠯ ᠤᠨ ᠪᠠᠷᠢᠭᠠᠳᠠ᠂ 2 ᠮᠠᠯ ᠠᠵᠤ ᠠᠬᠤᠢ ᠶᠢᠨ | ᠪᠠᠷᠢᠭᠠᠳᠠ ᠲᠠᠢ᠃ | ▲ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠰᠣᠬᠠᠶᠢᠲᠤ ᠠᠭᠤᠷᠬᠠᠢ ᠶᠢᠨ ᠨᠡᠭᠦᠷᠡᠰᠦ | ᠤᠬᠢᠶᠠᠬᠤ ᠦᠢᠯᠡᠳᠪᠦᠷᠢ ᠵᠢᠩᠬᠢᠨᠢ ᠪᠠᠷ ᠦᠢᠯᠡᠳᠪᠦᠷᠢᠯᠡᠪᠡ᠃ ᠵᠢᠯ ᠳᠤ 45 ᠲᠦᠮᠡᠨ ᠲᠤᠨ ᠨᠡᠭᠦᠷᠡᠰᠦ ᠤᠬᠢᠶᠠᠳᠠᠭ᠃ | | ▲ ᠣᠷᠠᠨ ᠲᠦᠰᠢ ᠶᠢᠨ ᠠᠭᠤᠷᠬᠠᠢ ᠶᠢᠨ ᠤᠷᠤᠨ ᠤ ᠱᠠᠡ ᠰᠢ ᠵᠦᠴᠤᠭᠡ ᠶᠢᠨ ᠪᠦᠯᠬᠦᠮ ᠪᠠᠶᠢᠭᠤᠯᠤᠭᠳᠠᠪᠠ | ᠃ | 5 ᠰᠠᠷ᠎ᠠ ᠶᠢᠨ 17 ~ 21 ᠤ ᠡᠳᠦᠷ᠂ ᠲᠤᠮᠳᠠᠲᠤ ᠣᠯᠣᠰ ᠤᠨ ᠡᠪ ᠬᠠᠮᠲᠤ ᠨᠠᠮ ᠤᠨ ᠣᠳᠠ ᠪᠠᠯᠭᠠᠰᠣᠨ | ᠤ ᠨᠢᠭᠡᠳᠦᠭᠡᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠶᠡᠭᠡ ᠬᠤᠷᠠᠯ ᠠᠴᠠ ᠪᠠᠯᠭᠠᠰᠤᠨ | ᠤ ᠨᠠᠮ ᠤᠨ ᠬᠤᠷᠢᠶᠠᠨ ᠤ ᠠᠵᠢᠯ ᠤᠨ ᠢᠯᠡᠳᠭᠡᠯ ᠢ ᠬᠢᠨᠠᠨ ᠵᠦᠪᠯᠡᠵᠦ ᠪᠠᠲᠤᠯᠠᠯᠳᠠ ᠬᠢᠵᠣ᠂ ᠲᠤᠮᠳᠠᠲᠤ ᠤᠯᠤᠰ ᠤᠨ | ᠡᠪ ᠬᠠᠮᠲᠤ ᠨᠠᠮ ᠤᠨ ᠤᠳᠠ ᠪᠠᠯᠭᠠᠰᠣᠨ ᠤ ᠨᠢᠭᠡᠳᠦᠭᠡᠷ ᠬᠤᠭᠤᠴᠠᠭᠠᠨ ᠤ ᠭᠡᠰᠵᠬᠦᠤᠡ ᠢ ᠰᠣᠩᠭᠤᠨ ᠭᠠᠷᠭᠠᠪᠠ᠂ | ᠹᠠᠨ ᠴᠧᠩ ᠮᠤᠤ ᠨᠢᠭᠡᠳᠦᠭᠡᠷ ᠱᠦᠵᠢ ᠪᠠᠷ ᠰᠤᠩᠭᠤᠭᠳᠠᠪᠠ᠃ | 5 ᠰᠠᠷ᠎ᠠ ᠶᠢᠨ 18 ᠤ ᠡᠳᠦᠷ᠂ ᠣᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠰᠣᠷᠳᠠᠯ | ᠴᠡᠭᠴᠡᠯᠡᠵᠦ ᠪᠠᠷᠠᠭᠤᠨ ᠤ ᠬᠡᠯᠪᠡᠷᠢᠯ ᠢ ᠡᠰᠡᠷᠭᠦᠴᠡᠬᠦ ᠲᠡᠮᠡᠴᠡᠯ ᠦᠷᠨᠢᠬᠦᠯᠪᠡ᠃ | ᠲᠤᠰ ᠰᠠᠷ᠎ᠠ᠂ ᠤᠳᠠ ᠪᠠᠯᠭᠠᠰᠣ ᠰᠠᠨ ᠳ᠋ᠣᠣ ᠺᠠᠨ᠂ ᠰᠢᠨ᠎ᠡ ᠲᠤᠭᠤᠷᠢᠭ᠂ ᠯᠢᠶᠠᠩ ᠵᠢᠶᠠ ᠭᠸᠤ᠂ ᠵᠢᠶᠤᠤ ᠽᠢ | ᠭᠸᠤ᠂ ᠰᠣᠬᠠᠶᠢᠲᠤ ᠵᠡᠷᠭᠡ ᠠᠷᠠᠳ ᠤᠨ ᠭᠦᠩᠱᠧ ᠪᠠᠶᠢᠭᠤᠯᠵᠤ᠂ 12 ᠨᠡᠶᠢᠳᠡ ᠶᠢᠨ ᠬᠤᠭᠤᠯᠠᠨ ᠭᠡᠷ᠂ 8 ᠭᠡᠤᠭᠡᠤᠡ | ᠤᠨ ᠴᠠᠴᠡᠷᠯᠵᠭ ᠪᠠᠶᠢᠭᠤᠯᠪᠠ᠃ | ▲ ᠲᠦᠷᠦ ᠶᠢᠨ ᠶᠠᠪᠤᠳᠠᠯ ᠤᠨ ᠲᠡᠳ᠋ ᠶᠠᠷᠤᠩᠭᠡᠢ ᠰᠠᠶᠢᠤᠡ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠨᠢᠭᠡᠳᠦᠭᠡᠷ ᠱᠦᠵᠢ᠂ ᠦᠪᠡᠷᠳᠡᠭᠡᠨ ᠵᠠᠰᠠᠬᠤ ᠤᠷᠤᠨ ᠤ ᠵᠠᠰᠠᠭ ᠤᠷᠳᠣᠨ ᠤ ᠲᠡᠷᠢᠬᠦᠯᠡᠭᠴᠢ ᠤᠯᠠᠭᠠᠨᠬᠦᠦ | ᠤᠳᠠ ᠶᠢᠨ ᠠᠭᠤᠷᠬᠠᠢ ᠶᠢᠨ ᠲᠤᠪᠴᠢᠶᠠᠨ ᠳᠤ ᠢᠷᠡᠵᠦ ᠠᠵᠢᠯ ᠪᠠᠶᠢᠴᠠᠭᠠᠪᠠ᠃ | 6 ᠰᠠᠷ᠎ᠠ᠂ ᠣᠳᠠ ᠪᠠᠯᠭᠠᠰᠣ᠂ ᠣᠷᠠᠨ ᠲᠦᠰᠢ ᠶᠢᠨ ᠠᠭᠤᠷᠬᠠᠢ ᠶᠢᠨ ᠣᠷᠣᠨ ᠪᠤᠯᠤᠨ ᠤᠳᠠ ᠶᠢᠨ | ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠱᠠᠮᠰᠢᠬᠤ ᠶᠢ ᠡᠰᠡᠷᠭᠦᠴᠡᠬᠦ᠂ ᠪᠦᠷᠢᠯᠬᠡᠯ ᠢ ᠡᠰᠡᠷᠭᠦᠴᠡᠬᠦ᠂ ᠨᠤᠶᠠᠨᠴᠢ | ᠰᠣᠷᠳᠠᠯ ᠢ ᠡᠰᠡᠷᠭᠦᠴᠡᠬᠦ ︽ᠭᠤᠷᠪᠠ ᠶᠢ ᠡᠰᠡᠷᠭᠦᠴᠡᠭᠦ︾ ᠬᠦᠳᠡᠯᠭᠡᠭᠡᠨ ᠦᠷᠨᠢᠬᠦᠯᠪᠡ᠃ | 8 ᠰᠠᠷ᠎ᠠ ᠶᠢᠨ 1 ᠤ ᠡᠳᠦᠷ᠂ ᠣᠯᠣᠰ ᠤᠨ ᠣᠰᠣ ᠴᠠᠬᠢᠯᠭᠠᠨ ᠤ ᠶᠠᠮᠤᠨ ᠠᠴᠠ ᠣᠳᠠ ᠶᠢᠨ ᠠᠭᠤᠷᠬᠠᠢ ᠶᠢᠨ | ᠶᠠᠪᠤᠳᠠᠯ ᠤᠨ ᠲᠤᠪᠴᠢᠶ᠎ᠠ ᠶᠢ ᠲᠡᠮᠵᠢᠭᠰᠡᠨ ᠭᠤᠴᠢᠨ ᠲᠤᠯᠤᠳᠣᠭᠠᠷ ᠴᠤᠪᠤᠭ᠎ᠠ ᠲᠠᠷᠭᠡᠡ ᠤ ᠴᠠᠭᠢᠯᠭᠠᠡ ᠤᠵᠷᠳᠡᠭᠡ | ᠬᠡᠷᠡᠭᠯᠡᠯᠳᠡ ᠳᠤ ᠣᠷᠣᠪᠠ᠃ | 8 ᠰᠠᠷ᠎ᠠ ᠶᠢᠨ 27 ᠤ ᠡᠳᠦᠷ᠂ ᠣᠷᠠᠨ ᠲᠦᠰᠢ ᠶᠢᠨ ᠠᠭᠤᠷᠬᠠᠢ ᠶᠢᠨ ᠣᠷᠣᠨ ᠬᠠᠶᠢᠷᠣᠪ ᠤᠨ ᠲᠤᠬᠤᠢ᠂ | ᠴᠠᠪᠴᠢᠷ᠂ ᠷᠠᠰᠠᠩ ᠰᠦᠮ᠎ᠡ ᠪᠤᠯᠤᠨ ᠬᠠᠳᠠᠭᠤ ᠤᠰᠤ ᠵᠡᠷᠭᠡ ᠠᠷᠠᠳ ᠤᠨ ᠭᠦᠩᠱᠧ ᠶᠢ ᠪᠠᠶᠢᠭᠤᠯᠵᠤ᠂ 13 | ᠬᠤᠭᠤᠯᠠᠨ ᠭᠡᠷ᠂ 11 ᠬᠡᠦᠭᠡᠳ ᠤᠨ ᠴᠡᠴᠡᠷᠯᠢᠭ ᠪᠠᠶᠢᠭᠤᠯᠪᠠ᠃ | 10 ᠰᠠᠷ᠎ᠠ᠂ ᠤᠳᠠ ᠪᠠᠯᠭᠠᠰᠤ ᠪᠤᠯᠤᠨ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠬᠠᠮᠲᠤᠪᠠᠷ | ᠪᠡᠯᠡ ᠤᠷᠤᠭᠤᠯᠵᠤ ᠤᠤᠭᠤᠬᠤ ᠤᠰᠤᠨ ᠤ ᠢᠨᠵᠧᠨᠧᠷᠢᠩ ᠢ ᠡᠬᠢᠯᠡᠨ ᠪᠠᠶᠢᠭᠤᠯᠵᠤ᠂ ᠤᠷᠳᠣ ᠭᠤᠤᠯ ᠤᠨ ᠠᠮᠠᠨ | ᠳᠠᠬᠢ ᠴᠢᠩ ᠨᠢᠶᠠᠨ ᠴᠢᠶᠤᠤ ᠬᠦᠬᠦᠷᠭᠡ ᠤᠷᠴᠢᠮ ᠤᠰᠤᠨ ᠬᠤᠭᠤᠯᠠᠢ ᠤᠭᠰᠠᠷᠠᠵᠤ᠂ ᠤᠰᠤ ᠶᠢ ᠪᠠᠶᠠᠨᠰᠠᠶᠢᠨ ᠳᠤ | ᠲᠠᠳᠠᠨ ᠤᠷᠤᠭᠤᠯᠵᠤ᠂ ᠠᠯᠪᠠᠡ ᠪᠠᠶᠢᠭᠤᠯᠭ᠎ᠠ ᠶᠢᠨ ᠠᠵᠢᠯᠳᠠᠨ᠂ ᠰᠠᠭᠤᠭᠠᠯᠢ ᠠᠷᠠᠳ ᠤᠨ ᠤᠤᠭᠤᠬᠤ ᠤᠰᠤ ᠶᠢ | ᠰᠢᠢᠳᠪᠦᠷᠢᠯᠡᠵᠦ᠂ ᠮᠠᠰᠢᠨ ᠲᠡᠷᠭᠡ᠂ ᠡᠯᠵᠢᠭᠡ ᠪᠠᠷ ᠤᠰᠤ ᠲᠡᠭᠡᠭᠡᠬᠦ ᠶᠢ ᠡᠴᠦᠰᠯᠡᠭᠦᠯᠪᠡ᠃ ᠤᠰᠤᠨ ᠬᠤᠭᠤᠯᠠᠢ ᠶᠢᠨ | ᠤᠷᠲᠤ 11 ᠺᠢᠯᠤᠮᠧᠲᠷ ᠤᠷᠲᠤ ᠪᠠᠶᠢᠵᠤ᠂ ᠣᠰᠣ ᠬᠠᠳᠠᠭᠠᠯᠠᠬᠤ ᠴᠦᠭᠦᠷᠦᠮ 2 ᠪᠠᠶᠢᠭᠤᠯᠪᠠ᠃ | ▲ ᠤᠳᠠ ᠪᠠᠯᠭᠠᠰᠣᠨ ᠤ ᠲᠤᠮᠳᠠᠲᠤ ᠰᠣᠷᠭᠠᠭᠤᠯᠢ ᠪᠠᠶᠢᠭᠤᠯᠤᠭᠳᠠᠵᠤ ᠰᠣᠷᠭᠠᠭᠤᠯᠢ ᠡᠬᠢᠯᠡᠪᠡ᠃ | 12 ᠰᠠᠷ᠎ᠠ ᠶᠢᠨ 20 ~ 24 ᠤ ᠡᠳᠦᠷ᠂ ᠤᠳᠠ ᠪᠠᠯᠭᠠᠰᠣᠨ ᠤ ᠠᠩᠬᠠᠳᠣᠭᠠᠷ ᠤᠳᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠤᠪᠠ᠃ ᠶᠡᠭᠡ ᠬᠤᠷᠠᠯ ᠠᠴᠠ ᠵᠠᠰᠠᠭ ᠤᠨ ᠣᠷᠳᠣᠨ ᠤ ᠠᠵᠢᠯ ᠤᠨ | ᠢᠯᠡᠳᠭᠡᠯ ᠢ ᠰᠣᠨᠣᠰᠴᠣ ᠬᠢᠨᠠᠨ ᠵᠦᠪᠯᠡᠯᠭᠡ ᠬᠢᠵᠦ᠂ ᠤᠳᠠ ᠪᠠᠯᠭᠠᠰᠣᠨ ᠤ ᠨᠢᠭᠡᠳᠦᠭᠡᠷ ᠬᠤᠭᠤᠴᠠᠭᠠᠨ ᠤ ᠠᠷᠠᠳ ᠤᠨ | ᠬᠡᠰᠢᠭᠦᠳ ᠤᠨ ᠬᠤᠷᠠᠯ ᠢ ᠰᠣᠩᠭᠤᠨ ᠭᠠᠷᠭᠠᠪᠠ᠃ ᠸᠠᠩ ᠽᠧ ᠭᠧᠩ ᠤᠳᠠ ᠪᠠᠯᠭᠠᠰᠣᠨ ᠤ ᠪᠠᠯᠭᠠᠰᠤᠨ ᠳᠠᠷᠤᠭ᠎ᠠ ᠪᠠᠷ | ᠰᠤᠩᠭᠤᠭᠳᠠᠪᠠ᠃ | ᠲᠤᠰ ᠵᠢᠯ᠂ ᠤᠷᠠᠨ ᠲᠦᠰᠢ ᠠᠭᠤᠯᠠᠨ ᠤ ᠨᠡᠭᠦᠷᠡᠰᠦᠨ ᠠᠭᠤᠷᠬᠠᠢ ᠶᠢᠨ ᠲᠡᠮᠡᠭᠡᠲᠤ ᠠᠭᠤᠯᠠᠨ ᠤ ᠲᠠᠰᠢᠭᠤ | ᠬᠤᠳᠳᠤᠭ ᠪᠤᠯᠤᠨ ᠬᠦᠬᠤᠰᠤ ᠶᠢᠨ ᠪᠠᠭ᠎ᠠ ᠵᠠᠳᠠᠭᠠᠢ ᠨᠡᠭᠦᠷᠡᠰᠦᠨ ᠠᠭᠤᠷᠬᠠᠢ ᠶᠢ ᠡᠬᠢᠯᠡᠨ ᠪᠠᠶᠢᠭᠤᠯᠪᠠ᠂ ᠵᠢᠯ ᠤᠨ | ᠲᠥᠯᠦᠪᠯᠡᠭᠡ ᠶᠢᠨ ᠨᠡᠭᠦᠷᠡᠰᠦᠨ ᠤ ᠭᠠᠷᠣᠯᠳᠠ ᠲᠤᠰᠪᠦᠷᠢ 45 ᠲᠦᠮᠡᠨ ᠲᠤᠨ ᠬᠢᠭᠡᠳ 70 ᠲᠦᠮᠡᠨ ᠲᠤᠨ ᠪᠤᠯᠤᠨ᠎ᠠ | ᠃ | ▲ ᠠᠮᠤ ᠪᠤᠳᠠᠭ᠎ᠠ ᠲᠤᠲᠠᠭᠳᠠᠵᠤ᠂ ᠬᠤᠯᠢᠰᠢᠨ ᠢᠳᠡᠭᠡᠨ ᠬᠦᠢᠴᠡᠳ ᠪᠤᠰᠣ ᠠᠴᠠ ᠪᠤᠯᠵᠤ᠂ ᠤᠳᠠ ᠣᠷᠣᠨ | ᠳᠤ ᠢᠯᠡᠷᠡᠭᠰᠡᠨ ᠵᠵᠯᠪᠢᠩ ᠡᠪᠡᠳᠴᠢᠨ ᠳᠤ 520 ᠭᠠᠷᠣᠢ ᠬᠦᠮᠦᠨ᠂ ᠴᠵᠰᠤᠡ ᠤ ᠪᠠᠮ ᠡᠪᠠᠤᠠᠴᠵᠡ ᠳᠤ 1000 | ᠭᠠᠷᠣᠢ ᠬᠦᠮᠦᠨ ᠨᠡᠷᠪᠡᠭᠳᠡᠪᠡ᠃ | ▲ ᠪᠠᠶᠠᠨᠨᠠᠭᠤᠷ ᠠᠶᠢᠮᠠᠭ ᠠᠴᠠ ᠤᠳᠠ ᠳᠤ 100 ᠲᠦᠮᠡᠨ ᠲᠦᠭᠦᠷᠢᠭ ᠤᠨ ᠪᠡᠯᠡ ᠤᠷᠤᠭᠤᠯᠵᠤ᠂ | ᠢᠳᠡᠰᠢᠨ ᠨᠤᠭᠤᠭᠠᠨ ᠤ ᠰᠠᠭᠤᠷᠢᠨ ᠪᠠᠶᠢᠭᠤᠯᠬᠤ ᠳᠤ ᠬᠡᠷᠡᠭᠯᠡᠪᠡ᠃ | ▲ ᠤᠳᠠ ᠶᠢᠨ ᠠᠭᠤᠷᠬᠠᠢ ᠶᠢᠨ ᠲᠤᠪᠴᠢᠶ᠎ᠠ ᠶᠢᠨ ᠰᠣᠬᠠᠶᠢᠲᠤ ᠠᠭᠤᠷᠬᠠᠢ ᠶᠢᠨ ᠨᠢᠭᠡᠳᠦᠭᠡᠷ ᠨᠤᠮᠧᠷᠲᠤ | ᠠᠭᠤᠷᠬᠠᠢ ᠶᠢᠨ ᠰᠣᠪᠠᠭ᠂ ᠭᠤᠷᠪᠠᠳᠣᠭᠠᠷ ᠲᠠᠰᠢᠭᠤ ᠬᠤᠳᠳᠤᠭ ᠤᠨ ᠵᠠᠷᠢᠮ ᠢ ᠨᠢ ᠰᠢᠯᠵᠢᠭᠦᠯᠦᠨ ᠦᠢᠯᠡᠳᠪᠦᠷᠢᠯᠡᠪᠡ᠃ | | ᠵᠢᠯ ᠤᠨ ᠡᠴᠦᠰ᠂ ᠬᠠᠢ ᠯᠠ ᠲᠡᠮᠦᠷ ᠵᠠᠮ ᠤᠨ ᠰᠠᠯᠪᠤᠷᠢ ᠱᠤᠭᠤᠮ ᠤᠨ ᠲᠤᠯᠤᠭᠠᠨ ᠺᠢᠯᠤᠮᠧᠲᠷ ᠠᠴᠠ ᠶᠢᠦ | ᠳ᠋ᠦᠩ ᠭᠸᠤ ᠬᠦᠷᠬᠦ ᠲᠤᠰᠬᠠᠢ ᠱᠤᠭᠤᠮ ᠪᠠᠷᠢᠯᠭ᠎ᠠ ᠲᠡᠭᠤᠰᠴᠣ ᠭᠠᠯᠲᠤ ᠲᠡᠷᠭᠡ ᠨᠡᠪᠳᠡᠷᠡᠪᠡ᠃ | | 1961 ᠣᠨ᠄ | 3 ᠰᠠᠷ᠎ᠠ᠂ ᠣᠷᠠᠨ ᠲᠦᠰᠢ ᠶᠢᠨ ᠠᠭᠤᠷᠬᠠᠢ ᠶᠢᠨ ᠣᠷᠣᠨ ᠤ ᠬᠠᠮᠤᠭ ᠠᠩᠬᠠᠨ ᠤ ᠲᠤᠮᠳᠠᠲᠤ ᠰᠣᠷᠭᠠᠭᠤᠯᠢ | ᠪᠠᠶᠢᠭᠤᠯᠤᠭᠳᠠᠵᠤ ᠰᠣᠷᠭᠠᠭᠤᠯᠢ ᠡᠬᠢᠯᠡᠪᠡ᠃ | 4 ᠰᠠᠷ᠎ᠠ᠂ ᠪᠠᠷᠠᠭᠤᠨ ᠤᠷᠠᠨ ᠲᠦᠰᠢ ᠶᠢᠨ ᠱᠦᠢᠨᠢ ᠶᠢᠨ ᠦᠢᠯᠡᠳᠪᠦᠷᠢ ᠶᠢᠨ ᠪᠠᠷᠢᠯᠭ᠎ᠠ ᠶᠢᠨ ᠠᠵᠢᠯ | ᠬᠤᠶᠢᠰᠢᠯᠠᠪᠠ᠃ 7 ᠰᠠᠷ᠎ᠠ ᠠᠴᠠ ᠡᠬᠢᠯᠡᠨ ᠴᠤᠮᠬᠠᠳᠬᠠᠬᠤ ᠠᠵᠢᠯ ᠦᠷᠨᠢᠬᠦᠯᠵᠦ᠂ ᠵᠢᠯ ᠤᠨ ᠡᠴᠦᠰ ᠪᠤᠯᠬᠤ ᠳᠤ | 1037 ᠠᠵᠢᠯᠳᠡᠨ ᠴᠤᠮᠬᠠᠳᠬᠠᠨ ᠬᠠᠰᠣᠪᠠ᠃ | 6 ᠰᠠᠷ᠎ᠠ ᠶᠢᠨ 7 ᠤ ᠡᠳᠦᠷ᠂ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠵᠠᠳᠠᠭᠠᠢ | ᠪᠠᠷᠢᠯᠭ᠎ᠠ ᠶᠢᠨ ᠭᠠᠵᠠᠷ ᠤᠨ ᠠᠵᠢᠯᠴᠢᠨ ᠲᠠᠮᠠᠬᠢ ᠲᠠᠲᠠᠭᠰᠠᠨ ᠠᠴᠠ ᠬᠦᠮᠦᠷᠭᠡ ᠶᠢᠨ ᠬᠦᠬᠦᠷ ᠨᠣᠴᠣᠭᠰᠠᠨ ᠠᠳᠡᠯ | ᠭᠠᠷᠴᠣ᠂ 14 ᠬᠦᠮᠦᠨ ᠦᠬᠦᠵᠦ᠂ 5 ᠬᠦᠮᠦᠨ ᠲᠦᠯᠡᠭᠳᠡᠨ ᠰᠢᠷᠬᠠᠳᠣᠪᠠ᠃ | 7 ᠰᠠᠷ᠎ᠠ ᠶᠢᠨ 9 ᠤ ᠡᠳᠦᠷ᠂ ᠲᠦᠷᠦ ᠶᠢᠨ ᠶᠠᠪᠤᠳᠠᠯ ᠤᠨ ᠬᠤᠷᠢᠶᠠᠨ ᠠᠴᠠ 111 ᠳ᠋ᠦ᠋ᠭᠡᠷ ᠰᠢᠢᠳᠪᠦᠷᠢ | ᠲᠤᠭᠳᠠᠭᠠᠵᠤ᠂ ᠤᠷᠠᠨ ᠲᠦᠰᠢ ᠶᠢᠨ ᠠᠭᠤᠷᠬᠠᠢ ᠶᠢᠨ ᠤᠷᠤᠨ ᠤ ᠠᠷᠠᠳ ᠤᠨ ᠵᠦᠪᠯᠡᠯ ᠢ ᠬᠦᠴᠦᠨ ᠦᠭᠡᠢ ᠪᠤᠯᠭᠠᠵᠤ | ᠬᠠᠶᠢᠷᠤᠪ ᠤᠨ ᠲᠤᠬᠤᠢ ᠬᠤᠳᠠ ︵ᠰᠢᠶᠠᠨ ᠤ ᠲᠡᠰ︶ ᠶᠢ ᠪᠠᠶᠢᠭᠤᠯᠵᠤ᠂ ᠶᠡᠭᠡ ᠵᠤᠤ ᠠᠶᠢᠮᠠᠭ ᠢᠶᠠᠷ ᠵᠠᠬᠢᠷᠠᠭᠤᠯᠪᠠ︔ | ᠣᠳᠠ ᠬᠤᠳᠠ ︵ᠰᠢᠶᠠᠨ ᠤ ᠲᠡᠰ︶ ᠶᠢ ᠪᠠᠶᠢᠭᠤᠯᠵᠤ ᠪᠠᠶᠠᠨᠨᠠᠭᠤᠷ ᠠᠶᠢᠮᠠᠭ ᠢᠶᠠᠷ ᠵᠠᠬᠢᠷᠠᠭᠤᠯᠪᠠ᠃ | 8 ᠰᠠᠷ᠎ᠠ ᠶᠢᠨ 1 ᠤ ᠡᠳᠦᠷ᠂ ᠲᠤᠭᠰᠢᠨ ᠪᠤᠷᠤᠭᠠᠨ ᠠᠴᠠ ᠦᠶᠡᠷ ᠪᠤᠯᠵᠤ᠂ ᠪᠤᠤ ᠯᠠᠨ ᠲᠡᠮᠦᠷ ᠵᠠᠮ ᠤᠨ | ᠤᠳᠠ ᠠᠴᠠ ᠬᠠᠶᠢᠷᠤᠪ ᠤᠨ ᠲᠤᠬᠤᠢ ᠬᠦᠷᠬᠦ 2 ᠬᠡᠰᠡᠭ᠂ ᠬᠠᠶᠢᠷᠣᠪ ᠤᠨ ᠲᠤᠬᠤᠢ ᠠᠴᠠ ᠰᠠᠨ ᠱᠧᠩ ᠭᠦᠩ | ᠬᠦᠷᠬᠦ 11 ᠬᠡᠰᠡᠭ ᠲᠡᠮᠦᠷ ᠵᠠᠮ ᠦᠶᠡᠷ ᠲᠤ ᠡᠪᠳᠡᠭᠳᠡᠵᠦ᠂ ᠭᠡᠷ ᠪᠠᠶᠢᠰᠢᠩ 200 ᠣᠷᠴᠢᠮ ᠲᠠᠰᠣᠯᠭ᠎ᠠ ᠨᠤᠷᠠᠵᠤ᠂ | ᠳ᠋ᠢᠶᠠᠩᠬᠤᠸᠠ ᠶᠢᠨ ᠤᠳᠠᠰᠣ ᠤᠯᠠᠨ ᠭᠠᠵᠠᠷ ᠡᠪᠳᠡᠭᠳᠡᠪᠡ᠃ | ᠲᠤᠰ ᠰᠠᠷ᠎ᠠ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠬᠤᠳᠠ ᠶᠢᠨ ᠨᠠᠮ ᠤᠨ ᠬᠤᠷᠢᠶᠠᠨ | ᠠᠴᠠ ᠲᠦᠷᠪᠡᠨ ᠲᠡᠰ ᠤᠨ ᠺᠠᠳᠠᠷ ᠤᠨ ᠬᠤᠷᠠᠯ ᠬᠢᠵᠦ᠂ ᠲᠦᠪ ᠬᠤᠷᠢᠶᠠᠨ ᠤ ︽ᠬᠦᠳᠡᠭᠡ ᠲᠤᠰᠬᠤᠨ ᠤ ᠠᠷᠠᠳ ᠤᠨ | ᠭᠦᠩᠱᠧ ᠶᠢᠨ ᠠᠵᠢᠯ ᠤᠨ ᠲᠦᠷᠢᠮ ︵ᠵᠠᠰᠠᠪᠤᠷᠢᠯᠠᠬᠤ ᠳᠦᠰᠦᠯ︶︾ ᠪᠤᠯᠤᠨ ᠬᠠᠮᠢᠶ᠎ᠠ ᠪᠦᠬᠦᠢ ᠵᠢᠭᠠᠪᠤᠷᠢ ᠶᠢ | ᠲᠤᠤᠱᠯᠠᠭᠤᠯᠪᠠ᠃ ᠨᠢᠭᠡᠳᠦᠯᠵᠢᠯᠳᠡ ᠶᠢᠨ ᠠᠩᠬᠠᠨ ᠤ ᠱᠠᠳᠣᠨ ᠤ ︽ᠨᠢᠬᠡ ᠳᠤ ᠳᠡᠭᠰᠢᠣᠠᠬᠡᠵᠤ ᠬᠤᠶᠠᠷ ᠲᠤ ᠳᠠᠳᠠᠬᠤ | ︾ ᠪᠤᠯᠤᠨ ︽ᠡᠪ ᠬᠠᠮᠲᠤ︾ ᠶᠢᠨ ᠬᠡᠪ ᠰᠤᠷᠲᠠᠯ ᠶᠢ ᠵᠠᠯᠠᠷᠠᠭᠤᠯᠵᠤ᠂ ᠨᠡᠶᠢᠳᠡ ᠶᠢᠨ ᠬᠤᠭᠤᠯᠠᠨ ᠭᠡᠷ ᠢ | ᠦᠬᠡᠶᠢᠰᠬᠡᠪᠡ᠃ | ᠲᠤᠰ ᠵᠢᠯ᠂ ᠤᠷᠠᠨ ᠲᠦᠰᠢ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠠᠴᠠ ᠲᠦᠪ ᠬᠤᠷᠢᠶᠠᠨ ᠤ ︽ | ᠲᠤᠬᠢᠷᠠᠭᠤᠯᠬᠤ᠂ ᠪᠠᠬᠢᠵᠢᠭᠦᠯᠬᠦ᠂ ᠳᠠᠬᠦᠯᠳᠠᠷᠵᠢᠬᠦᠯᠬᠦ᠂ ᠨᠡᠮᠡᠭᠳᠡᠭᠦᠯᠦᠬᠦ︾ ᠲᠤᠬᠠᠢ ᠴᠢᠭᠯᠡᠯᠳᠡ ᠶᠢ ᠦᠨᠳᠦᠰᠦᠯᠡᠵᠦ᠂ | ᠪᠠᠶᠢᠭᠤᠯᠤᠮᠵᠢ᠂ ᠠᠵᠢᠯᠳᠠᠨ᠂ ᠦᠨᠳᠦᠰᠦᠨ ᠪᠦᠲᠦᠭᠡᠨ ᠪᠠᠶᠢᠭᠤᠯᠤᠯᠳᠠ ᠪᠠᠨ ᠴᠤᠮᠬᠠᠳᠬᠠᠪᠠ᠃ ᠵᠢᠯ ᠤᠨ ᠡᠴᠦᠰ | ᠪᠤᠯᠬᠤ ᠳᠤ ᠠᠵᠢᠯᠴᠢᠨ ᠢ ᠵᠢᠯ ᠤᠨ ᠡᠬᠢᠨ ᠤ 10882 ᠬᠦᠮᠦᠨ ᠠᠴᠠ 7869 ᠬᠦᠮᠦᠨ ᠪᠤᠯᠭᠠᠵᠤ᠂ 214 | ᠨᠡᠷᠡᠰ ᠺᠠᠳᠠᠷ ᠢ ᠴᠤᠮᠬᠠᠳᠠᠬᠠᠵᠤ᠂ ᠲᠡᠮᠡᠭᠡᠲᠦ ᠠᠭᠤᠯᠠ ᠶᠢᠨ ᠲᠠᠰᠢᠭᠤ ᠬᠤᠳᠳᠤᠭ᠂ ᠫᠢᠩ ᠭᠸᠤ ᠶᠢᠨ ᠲᠠᠰᠢᠭᠤ | ᠬᠤᠳᠳᠤᠭ ᠪᠤᠯᠤᠨ ᠭᠦᠨ ᠣᠰᠣ ᠶᠢᠨ ᠵᠢᠵᠢᠭ ᠵᠠᠳᠠᠭᠠᠠᠢ ᠠᠭᠤᠷᠬᠠᠢ ᠶᠢᠨ ᠦᠨᠳᠦᠰᠦᠨ ᠪᠦᠲᠦᠭᠡᠨ ᠪᠠᠶᠢᠭᠤᠯᠤᠯᠳᠠ | ᠶᠢ ᠵᠤᠭᠰᠤᠭᠠᠪᠠ᠃ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠴᠦ ᠴᠤᠮᠬᠠᠳᠬᠠᠬᠤ ᠠᠵᠢᠯ | ᠦᠷᠨᠢᠭᠦᠯᠪᠡ᠃ ᠤᠳᠠ ᠬᠤᠳᠠ᠂ ᠬᠠᠶᠢᠷᠤᠪ ᠤᠨ ᠲᠤᠬᠤᠢ ᠬᠤᠳᠠ ᠬᠤᠳᠠ ᠶᠢᠨ ᠬᠦᠮᠦᠨ ᠠᠮᠠᠨ ᠲᠤᠭ᠎ᠠ ᠪᠠᠨ | ᠪᠠᠭᠠᠰᠬᠠᠪᠠ᠃ | | 1962 ᠤᠨ᠄ | 3 ᠰᠠᠷ᠎ᠠ ᠶᠢᠨ 7 ᠤ ᠡᠳᠦᠷ᠂ ᠰᠦᠨᠢ ᠶᠢᠨ 23 ᠴᠠᠭ ᠲᠤ ᠬᠠᠳᠣᠨ ᠭᠤᠤᠯ ᠤᠨ ᠰᠦᠩ ᠬᠤᠸᠠᠩ ᠪᠠᠢ ᠼᠢ | ᠤᠷᠴᠢᠮ 17 ᠬᠡᠰᠡᠭ ᠭᠠᠵᠠᠷ ᠲᠤ ᠮᠦᠰᠦᠨ ᠬᠠᠰᠢᠯᠭ᠎ᠠ ᠪᠤᠯᠵᠤ᠂ ᠤᠰᠤᠨ ᠲᠦᠪᠰᠢᠨ 7 ~ 8 ᠮᠧᠲᠷ | ᠳᠡᠭᠡᠭᠰᠢᠯᠡᠵᠦ᠂ ᠭᠤᠤᠯ ᠤᠨ ᠣᠰᠣ ᠭᠡᠳᠡᠷᠭᠦ ᠣᠷᠣᠰᠴᠦ᠂ ᠤᠳᠠ ᠶᠢᠨ ᠢᠳᠡᠰᠢᠨ ᠨᠤᠭᠤᠭᠠᠨ ᠤ ᠲᠠᠷᠢᠶᠠᠯᠠᠩ ᠤᠨ | ᠲᠠᠯᠠᠪᠠᠢ᠂ ᠣᠳᠠ ᠶᠢᠨ ᠲᠤᠭᠤᠰᠬᠠᠨ ᠦᠢᠯᠡᠳᠪᠦᠷᠢ ᠶᠢᠨ 389 ᠲᠠᠰᠣᠯᠭ᠎ᠠ ᠪᠠᠶᠢᠰᠢᠩ ᠦᠶᠡᠷ ᠲᠤ ᠵᠢᠪᠦᠵᠤ᠂ 3 | ᠬᠦᠮᠦᠨ ᠴᠡᠴᠡᠨ ᠦᠬᠦᠪᠡ᠂ 31.79 ᠡᠾᠧᠺᠲ᠋ᠠᠷ ᠲᠠᠷᠢᠶᠠᠨ ᠭᠠᠵᠠᠷ ᠦᠶᠡᠷ ᠲᠤ ᠠᠪᠳᠠᠵᠤ᠂ 1287 ᠬᠦᠮᠦᠨ | ᠭᠠᠮᠰᠢᠭ ᠲᠤ ᠲᠠᠭᠠᠷᠢᠭᠳᠠᠵᠤ᠂ ᠬᠦᠨᠲᠦ ᠨᠦᠴᠢᠳᠡᠢ ᠬᠤᠬᠢᠷᠠᠯ ᠤᠴᠠᠷᠠᠭᠤᠯᠪᠠ᠃ | 3 ᠰᠠᠷ᠎ᠠ ᠶᠢᠨ 7 ~ 14 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠬᠠᠶᠢᠷᠤᠪ ᠤᠨ | ᠲᠤᠬᠤᠢ ᠬᠤᠳᠠ ᠶᠢᠨ ᠨᠢᠭᠡᠳᠦᠭᠡᠷ ᠤᠳᠠᠭᠠᠨ ᠤ ᠲᠦᠯᠦᠭᠡᠯᠡᠭᠴᠢᠳ ᠤᠨ ᠬᠤᠷᠠᠯ ᠬᠤᠷᠠᠯᠳᠣᠪᠠ᠃ ᠶᠡᠭᠡ ᠬᠤᠷᠠᠯ | ᠠᠴᠠ ᠬᠤᠳᠠ ᠶᠢᠨ ᠨᠠᠮ ᠤᠨ ᠬᠤᠷᠢᠶᠠᠨ ᠤ ᠠᠵᠢᠯ ᠤᠨ ᠢᠯᠡᠳᠭᠡᠯ ᠢ ᠬᠢᠨᠠᠨ ᠵᠦᠪᠯᠡᠨ ᠪᠠᠲᠤᠯᠠᠵᠤ᠂ ᠲᠤᠮᠳᠠᠲᠤ | ᠤᠯᠤᠰ ᠤᠨ ᠡᠪ ᠬᠠᠮᠲᠤ ᠨᠠᠮ ᠤᠨ ᠬᠠᠶᠢᠷᠤᠪ ᠤᠨ ᠲᠤᠬᠤᠢ ᠬᠤᠲᠠ ᠤᠨ ᠨᠢᠬᠡᠳᠦᠭᠡᠷ ᠬᠤᠭᠤᠴᠠᠭᠠᠨ ᠤ ᠬᠡᠰᠢᠭᠦᠳ ᠢ | ᠰᠣᠩᠭᠤᠨ ᠭᠠᠷᠭᠠᠪᠠ᠃ ᠸᠠᠩ ᠶᠠᠨ ᠷᠦᠩ ᠬᠤᠳᠠ ᠨᠠᠮ ᠤᠨ ᠬᠤᠷᠢᠶᠠᠨ ᠤ ᠱᠦᠵᠢ ᠨᠠᠷ ᠤᠨ ᠭᠠᠵᠠᠷ ᠤᠨ ᠱᠦᠵᠢ | ᠪᠠᠷ ᠰᠤᠩᠭᠤᠭᠳᠠᠪᠠ᠃ | 5 ᠰᠠᠷ᠎ᠠ ᠶᠢᠨ 17 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠬᠠᠶᠢᠷᠣᠪ ᠤᠨ ᠲᠤᠬᠤᠢ ᠣᠰᠣ | ᠲᠠᠲᠠᠬᠤ ᠦᠷᠳᠡᠭᠡ ᠪᠠᠶᠢᠭᠤᠯᠤᠭᠳᠠᠪᠠ᠃ | 7 ᠰᠠᠷ᠎ᠠ ᠶᠢᠨ 18 ~ 24 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠠᠩᠬᠠᠳᠤᠭᠠᠷ | ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯᠳᠣᠪᠠ᠃ ᠶᠡᠭᠡ ᠬᠤᠷᠠᠯ ᠠᠴᠠ ᠠᠷᠠᠳ ᠤᠨ | ᠵᠦᠪᠯᠡᠯ ᠤᠨ ᠠᠵᠢᠯ ᠤᠨ ᠢᠯᠡᠳᠭᠡᠯ ᠢ ᠬᠢᠨᠠᠨ ᠵᠦᠪᠯᠡᠨ ᠪᠠᠲᠤᠯᠠᠵᠤ᠂ ᠬᠠᠶᠢᠷᠣᠪ ᠤᠨ ᠲᠤᠬᠤᠢ ᠬᠤᠲᠠ ᠤᠨ | ᠠᠩᠬᠠᠳᠤᠭᠠᠷ ᠬᠤᠭᠤᠴᠠᠭᠠᠨ ᠤ ᠠᠷᠠᠳ ᠤᠨ ᠵᠦᠪᠯᠡᠯ ᠤᠨ ᠭᠡᠰᠢᠭᠦᠳ ᠢ ᠰᠣᠩᠭᠤᠨ ᠭᠠᠷᠭᠠᠵᠤ᠂ ᠲᠠᠩ ᠪᠤᠤ ᠱᠠᠨ | ᠬᠤᠳᠠ ᠶᠢᠨ ᠲᠠᠷᠤᠭ᠎ᠠ ᠪᠠᠷ ᠰᠤᠩᠭᠤᠭᠳᠠᠪᠠ᠃ | 12 ᠰᠠᠷ᠎ᠠ ᠶᠢᠨ 20 ~ 28 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠶᠢᠨ | ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠨᠢᠭᠡᠳᠦᠭᠡᠷ ᠤᠳᠠᠭᠠᠨ ᠤ ᠲᠦᠯᠦᠭᠡᠯᠡᠭᠴᠢᠳ ᠤᠨ ᠬᠤᠷᠠᠯ | ᠬᠤᠷᠠᠯᠳᠣᠪᠠ᠃ ᠸᠠᠩ ᠳ᠋ᠠ ᠵᠢᠶᠦ᠋ᠨ ᠲᠤᠪᠴᠢᠶᠠᠨ ᠤ ᠨᠠᠮ ᠤᠨ ᠬᠤᠷᠢᠶᠠᠨ ᠤ ᠱᠦᠵᠢ ᠪᠠᠷ ᠰᠤᠩᠭᠤᠭᠳᠠᠪᠠ᠃ | ᠲᠤᠰ ᠰᠠᠷ᠎ᠠ᠂ ᠤᠳᠠ ᠶᠢᠨ ᠢᠳᠡᠰᠢᠨ ᠨᠤᠭᠤᠭᠠᠨ ᠤ ᠲᠠᠷᠢᠶᠠᠯᠠᠩ ᠤᠨ ᠲᠠᠯᠠᠪᠠᠢ ︽ᠤᠯᠤᠰ ᠠᠴᠠ | ᠡᠷᠭᠢᠯᠡᠭᠰᠡᠨ ᠲᠠᠷᠢᠶᠠᠯᠠᠩ ᠤᠨ ᠲᠠᠯᠠᠪᠠᠢ ᠶᠢᠨ ᠠᠵᠢᠯ ᠤᠨ ᠲᠦᠷᠢᠮ︾ ᠢ ᠦᠨᠳᠦᠰᠦᠯᠡᠵᠦ᠂ ᠠᠵᠢᠯᠳᠠᠨ ᠤ ᠭᠡᠷ ᠪᠦᠯᠢ | ᠳᠤ 3 ~ 5 ᠹᠦᠨ ᠬᠤᠪᠢᠨ ᠳᠠᠭᠠᠨ ᠦᠯᠡᠳᠡᠭᠡᠭᠰᠡᠨ ᠲᠠᠷᠢᠶ᠎ᠠ ᠦᠭᠪᠡ᠃ | ᠲᠤᠰ ᠵᠢᠯ᠂ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠠᠴᠠ ᠦᠷᠭᠦᠯᠵᠢᠯᠡᠨ ᠣᠯᠣᠰ ᠤᠨ | ᠠᠵᠤ ᠠᠬᠤᠢ ᠶᠢᠨ ᠨᠠᠢᠮᠠᠨ ᠦᠰᠦᠭᠲᠦ ᠴᠢᠭᠯᠡᠯᠳᠡ ᠶᠢ ᠲᠣᠣᠱᠯᠠᠭᠤᠯᠵᠤ᠂ 1961 ~ 1962 ᠣᠨ ᠤ | ᠬᠤᠭᠤᠷᠤᠨᠲᠤ 5264 ᠠᠵᠢᠯᠳᠠᠨ ᠢ ᠰᠢᠯᠢᠳᠡᠭᠴᠢᠯᠡᠨ ᠴᠤᠮᠬᠠᠳᠬᠠᠵᠤ᠂ ᠬᠤᠳᠠ ᠶᠢᠨ ᠬᠦᠮᠦᠨ ᠠᠮᠠ ᠶᠢ 5600 | ᠪᠠᠭᠠᠰᠬᠠᠪᠠ᠃ ᠡᠣ ᠬᠣ᠋ ᠱᠠᠨ ᠠᠭᠤᠷᠬᠠᠢ ᠶᠢ ᠪᠠᠶᠢᠭᠤᠯᠬᠤ ᠪᠠᠨ ᠵᠤᠭᠰᠤᠪᠠ᠃ | ▲ ᠤᠷᠠᠨ ᠲᠦᠰᠢ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠶᠢ ᠤᠷᠠᠨ ᠲᠦᠰᠢ ᠠᠭᠤᠷᠬᠠᠢ ᠬᠡᠮᠡᠨ | ᠦᠭᠡᠷᠡᠴᠢᠯᠡᠵᠦ᠂ ᠫᠢᠩ ᠭᠸᠤ᠂ ᠵᠢᠤ ᠳ᠋ᠦᠩ ᠭᠸᠤ ᠬᠤᠶᠠᠷ ᠠᠭᠤᠷᠬᠠᠢ ᠶᠢ ᠬᠤᠶᠠᠷ ᠨᠦᠭᠡᠨ ᠠᠮᠠᠰᠠᠷ ᠬᠡᠮᠡᠨ | ᠦᠭᠡᠷᠡᠴᠢᠯᠡᠪᠡ᠃ ᠲᠤᠰ ᠵᠢᠯ ᠪᠠᠰᠠ 1613 ᠠᠵᠢᠯᠳᠠᠨ ᠢ ᠰᠢᠯᠢᠳᠡᠭᠴᠢᠯᠡᠨ ᠴᠤᠮᠬᠠᠳᠬᠠᠵᠤ᠂ 240 ᠺᠠᠳᠠᠷ ᠢ | ᠰᠢᠯᠢᠳᠡᠭᠴᠢᠯᠡᠨ ᠴᠤᠮᠬᠠᠳᠬᠠᠵᠤ᠂ 127 ᠺᠠᠳᠠᠷ ᠢ ᠲᠤᠷᠤᠭᠰᠢ ᠪᠠᠭᠤᠯᠭᠠᠵᠤ᠂ ᠨᠢᠭᠡᠳᠦᠭᠡᠷ ᠹᠷᠣᠨᠲ ᠶᠢᠨ ᠠᠵᠢᠯᠴᠢᠨ | ᠪᠤᠯᠭᠠᠪᠠ᠃ | ▲ ᠤᠳᠠ ᠬᠤᠳᠠ᠂ ᠬᠠᠶᠢᠷᠣᠪ ᠤᠨ ᠲᠤᠬᠤᠢ ᠬᠤᠳᠠ᠂ ᠤᠳᠠ ᠶᠢᠨ ᠠᠭᠤᠷᠬᠠᠢ ᠶᠢᠨ ᠶᠠᠪᠤᠳᠠᠯ ᠤᠨ | ᠲᠤᠪᠴᠢᠶᠠᠨ ᠠᠴᠠ ᠪᠠᠷᠠᠭᠤᠨ ᠤ ᠬᠡᠯᠪᠡᠷᠢᠯ ᠢ ᠡᠰᠡᠷᠭᠦᠴᠡᠬᠦ ᠲᠡᠮᠡᠴᠡᠯ ᠤᠨ ᠲᠤᠮᠳᠠ ᠰᠢᠬᠦᠮᠵᠢᠯᠡᠯ ᠪᠤᠯᠤᠨ ᠰᠢᠢᠳᠭᠡᠯ | ᠬᠦᠷᠳᠡᠭᠰᠡᠨ 987 ᠨᠡᠷᠡᠰ ᠨᠠᠮ ᠤᠨ ᠭᠡᠰᠢᠭᠦᠨ ᠬᠢᠭᠡᠳ ᠺᠠᠳᠠᠷ ᠲᠤ ᠢᠯᠭᠠᠨ ᠲᠤᠳᠤᠯᠠᠬᠤ ᠠᠵᠢᠯ ᠬᠢᠵᠦ᠂ ᠪᠤᠷᠤᠭᠤ | ᠬᠡᠷᠡᠭ ᠲᠤ ᠴᠠᠭᠠᠳᠬᠠᠯ ᠬᠢᠪᠠ᠃ | | 1963 ᠤᠨ᠄ | 1 ᠰᠠᠷ᠎ᠠ ᠶᠢᠨ 12 ~ 17 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠬᠤᠳᠠ | ᠶᠢᠨ ᠬᠤᠶᠠᠳᠣᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠶᠡᠭᠡ ᠬᠤᠷᠠᠯ ᠠᠴᠠ ᠬᠤᠳᠠ | ᠶᠢᠨ ᠨᠠᠮ ᠤᠨ ᠬᠤᠷᠢᠶᠠᠨ ᠤ ᠠᠵᠢᠯ ᠤᠨ ᠢᠯᠡᠳᠭᠡᠯ ᠢ ᠬᠢᠨᠠᠨ ᠵᠦᠪᠯᠡᠨ ᠪᠠᠲᠤᠯᠠᠵᠤ᠂ ᠲᠤᠮᠳᠠᠲᠤ ᠤᠯᠤᠰ ᠤᠨ ᠡᠪ | ᠬᠮᠲᠤ ᠨᠠᠮ ᠤᠨ ᠤᠳᠠ ᠬᠤᠳᠠ ᠶᠢᠨ ᠬᠤᠶᠠᠳᠣᠭᠠᠷ ᠬᠤᠭᠤᠴᠠᠭᠠᠨ ᠤ ᠬᠡᠰᠢᠭᠦᠳ ᠢ ᠰᠣᠩᠭᠤᠨ ᠭᠠᠷᠭᠠᠪᠠ᠃ ᠯᠢ | ᠶᠢᠨ ᠳ᠋ᠦᠸᠧ ᠱᠦᠵᠢ ᠪᠠᠷ ᠰᠣᠩᠭᠤᠭᠳᠠᠪᠠ᠃ | 4 ~ 7 ᠰᠠᠷ᠎ᠠ᠂ ᠬᠠᠶᠢᠷᠤᠪ ᠤᠨ ᠲᠤᠬᠤᠢ ᠬᠤᠲᠠ᠂ ᠤᠳᠠ ᠬᠤᠳᠠ ᠤᠷᠢᠳ ᠬᠤᠵᠢᠳ ᠱᠠᠮᠰᠢᠨ | ᠬᠤᠯᠠᠭᠠᠶᠢᠯᠠᠬᠤ᠂ ᠵᠠᠪᠰᠵᠡ ᠰᠠᠷᠵᠭᠠᠯᠠᠬᠤ᠂ ᠪᠦᠷᠢᠯᠭᠡᠨ ᠰᠦᠢᠳᠬᠡᠬᠦ᠂ ᠪᠤᠲᠠᠷᠠᠭᠤᠯᠬᠤ ᠦᠵᠡᠯ ᠪᠤᠯᠤᠨ ᠨᠤᠶᠠᠠᠴᠢ | ᠰᠤᠷᠳᠠᠯ ᠢ ᠡᠰᠡᠷᠭᠦᠴᠡᠭᠰᠡᠨ ︽ᠲᠠᠪᠤ ᠶᠢ ᠡᠰᠡᠷᠭᠦᠴᠡᠬᠦ ᠬᠦᠳᠡᠯᠭᠡᠭᠡᠨ︾ ᠢ ᠦᠷᠨᠢᠭᠦᠯᠪᠡ᠃ | ᠵᠤᠨ ᠤ ᠡᠬᠢᠨ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠶᠢᠨ ᠲᠤᠪᠴᠢᠶᠠᠨ ᠤ ᠨᠢᠭᠡᠳᠦᠭᠡᠷ | ᠱᠦᠵᠢ ᠯᠢ ᠰᠢᠦᠸᠡᠢ ᠹᠧᠩ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠨᠢᠭᠡᠳᠦᠭᠡᠷ ᠱᠦᠵᠢ | ᠤᠯᠠᠭᠠᠨᠬᠦᠦ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠳᠤ ᠬᠦᠷᠴᠦ ᠠᠵᠢᠯ ᠪᠠᠶᠢᠴᠠᠭᠠᠪᠠ᠃ | 10 ᠰᠠᠷ᠎ᠠ ᠶᠢᠨ 24 ~ 29 ᠤ ᠡᠳᠦᠷ᠂ ᠣᠳᠠ ᠬᠤᠳᠠ ᠶᠢᠨ ᠠᠩᠬᠠᠳᠤᠭᠠᠷ ᠣᠳᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠶᠡᠭᠡ ᠬᠤᠷᠠᠯ ᠠᠴᠠ ᠵᠠᠰᠠᠭ ᠤᠨ ᠣᠷᠳᠣᠨ ᠤ ᠠᠵᠢᠯ ᠤᠨ | ᠢᠯᠡᠳᠭᠡᠯ ᠢ ᠰᠣᠨᠣᠰᠴᠦ ᠬᠢᠨᠠᠨ ᠵᠦᠪᠯᠡᠵᠦ᠂ ᠤᠳᠠ ᠬᠤᠳᠠ ᠶᠢᠨ ᠠᠩᠬᠠᠳᠣᠭᠠᠷ ᠤᠳᠠᠭᠠᠨ ᠤ ᠠᠷᠠᠳ ᠤᠨ | ᠵᠦᠪᠯᠡᠯ ᠤᠨ ᠭᠡᠰᠢᠭᠦᠳ ᠢ ᠰᠣᠩᠭᠤᠨ ᠭᠠᠷᠭᠠᠵᠤ᠂ ᠾᠧ ᠷᠦᠩ ᠰᠢᠩ ᠬᠤᠳᠠ ᠶᠢᠨ ᠲᠠᠷᠤᠭ᠎ᠠ ᠪᠠᠷ ᠰᠣᠩᠭᠤᠭᠳᠠᠪᠠ᠃ | | ᠲᠤᠰ ᠵᠢᠯ᠂ ᠣᠳᠠ ᠬᠤᠳᠠ ᠶᠢᠨ ᠪᠠᠶᠠᠨᠮᠦ᠋ᠷᠡᠨ ᠭᠦᠩᠱᠧ ᠣᠰᠣᠨ ᠳᠤ ᠭᠠᠮᠰᠢᠭᠳᠠᠵᠤ᠂ ᠭᠤᠤᠯ ᠲᠠᠭᠠᠤ ᠶᠢᠨ | ᠡᠪᠡᠰᠦᠨ ᠲᠠᠯᠠᠪᠠᠢ ᠣᠰᠣᠨ ᠳᠤ ᠲᠠᠷᠣᠭᠳᠠᠵᠤ᠂ ᠡᠪᠦᠯ ᠤᠨ ᠡᠪᠡᠰᠦ 45 ᠲᠦᠮᠡ ᠭᠠᠷᠣᠢ ᠵᠢᠩ᠂ ᠠᠮᠤ ᠪᠤᠷᠴᠠᠭ | 17.5 ᠲᠦᠮᠡᠨ ᠵᠢᠩ ᠬᠤᠬᠢᠷᠠᠨ ᠰᠦᠢᠳᠦᠵᠦ᠂ ᠬᠡᠷ ᠪᠠᠶᠢᠰᠢᠩ 182 ᠲᠠᠰᠣᠯᠭ᠎ᠠ ᠨᠤᠷᠠᠪᠠ᠃ ᠬᠠᠶᠢᠷᠣᠪ ᠤᠨ | ᠲᠤᠬᠤᠢ ᠶᠢᠨ 1100 ᠭᠠᠷᠣᠢ ᠮᠤ᠋ ᠲᠠᠷᠢᠶ᠎ᠠ ᠤᠰᠣᠨ ᠳᠤ ᠭᠠᠮᠰᠢᠭᠳᠠᠵᠤ᠂ 2100 ᠭᠠᠷᠣᠢ ᠬᠦᠮᠦᠨ ᠭᠠᠮᠰᠢᠭᠳᠠᠪᠠ | ᠃ | ▲ ᠣᠷᠠᠨ ᠲᠦᠰᠢ ᠶᠢᠨ ᠠᠭᠤᠷᠬᠠᠢ ᠶᠢᠨ ᠲᠤᠪᠴᠢᠶ᠎ᠠ ᠪᠠᠶᠢᠭᠤᠯᠤᠮᠵᠢ ᠪᠠᠨ ᠰᠡᠷᠭᠦᠭᠡᠪᠡ᠃ | ▲ ᠤᠰᠤ ᠴᠠᠬᠢᠯᠭᠠᠨ ᠤ ᠶᠠᠮᠤᠨ ᠠᠴᠠ ᠣᠳᠠ ᠶᠢᠨ ᠴᠠᠬᠢᠯᠭᠠᠨ ᠭᠠᠷᠭᠠᠬᠤ ᠦᠢᠯᠡᠳᠪᠦᠷᠢ ᠶᠢ ᠪᠠᠶᠢᠭᠤᠯᠬᠤ | ᠪᠠᠨ ᠵᠤᠭᠰᠣᠵᠣ᠂ ᠨᠢᠭᠡᠨᠳᠡ ᠤᠭᠰᠠᠷᠠᠭᠰᠠᠨ ᠴᠤᠭᠴᠠᠯᠪᠤᠷᠢ ᠵᠢᠴᠢ ᠪᠣᠰᠣᠳ ᠲᠦᠭᠦᠭᠡᠷᠦᠮᠵᠢ ᠶᠢ ᠰᠢᠨᠵᠢᠶᠠᠩ ᠳᠤ | ᠬᠦᠷᠭᠡᠭᠦ ᠰᠢᠢᠳᠪᠤᠷᠢ ᠭᠠᠷᠭᠠᠪᠠ᠃ | | 1964 ᠣᠨ᠄ | 5 ᠰᠠᠷ᠎ᠠ ᠶᠢᠨ 1 ᠤ ᠡᠳᠦᠷ᠂ ᠣᠳᠠ ᠶᠢᠨ ᠠᠭᠤᠷᠬᠠᠢ ᠶᠢᠨ ᠲᠤᠪᠴᠢᠶᠠᠨ ᠤ ᠬᠤᠸᠠᠩ ᠪᠠᠢ ᠼᠢ ᠠᠭᠤᠷᠬᠠᠢ | ᠶᠢᠨ ᠠᠭᠤᠷᠬᠠᠢ ᠶᠢᠨ ᠰᠤᠪᠠᠭ ᠪᠠᠶᠢᠭᠤᠯᠤᠭᠳᠠᠵᠤ ᠦᠢᠯᠡᠳᠪᠦᠷᠢᠯᠡᠯ ᠳᠤ ᠤᠷᠤᠪᠠ᠃ ᠬᠢᠨᠠᠨ ᠲᠤᠭᠳᠠᠭᠠᠭᠰᠠᠨ | ᠠᠭᠤᠷᠬᠠᠢ ᠶᠢᠨ ᠬᠤᠳᠳᠤᠭ ᠤᠨ ᠦᠢᠯᠡᠳᠪᠦᠷᠢᠯᠡᠬᠦ ᠬᠦᠴᠦᠨ 60 ᠲᠦᠮᠡᠨ ᠲᠤᠨ ᠪᠤᠯᠤᠨ᠎ᠠ᠃ | 6 ᠰᠠᠷ᠎ᠠ ᠶᠢᠨ 30 ᠤ ᠡᠳᠦᠷ᠂ ᠤᠳᠠ ᠬᠤᠳᠠ ᠬᠤᠶᠠᠳᠣᠭᠠᠷ ᠣᠳᠠᠭᠠᠨ ᠤ ᠬᠦᠮᠦᠨ ᠠᠮᠠ ᠶᠢᠨ ᠨᠡᠶᠢᠳᠡᠮ | ᠪᠠᠶᠢᠴᠠᠭᠠᠯᠳᠠ ᠬᠢᠪᠡ᠃ ᠪᠦᠬᠦ ᠬᠤᠳᠠ ᠶᠢᠨ ᠶᠡᠷᠦᠩᠬᠡᠢ ᠬᠦᠮᠦᠨ ᠠᠮᠠᠨ ᠲᠤᠭ᠎ᠠ 42226 ᠬᠦᠮᠦᠨ᠂ ᠡᠭᠦᠨ ᠤ | ᠲᠤᠲᠤᠷ᠎ᠠ ᠡᠷᠡᠭᠳᠡᠢ 24243 ᠬᠦᠮᠦᠨ᠂ ᠡᠮᠡᠭᠳᠡᠢ 17983 ᠬᠦᠮᠦᠨ ᠪᠤᠯᠤᠨ᠎ᠠ᠃ | ᠲᠤᠰ ᠰᠠᠷ᠎ᠠ᠂ ᠣᠳᠠ ᠬᠤᠳᠠ ᠶᠢᠨ ᠠᠷᠠᠳ ᠤᠨ ᠵᠦᠪᠯᠡᠯ ᠠᠴᠠ ᠰᠡᠭᠡᠭᠡᠳᠡᠨ ᠵᠠᠯᠠᠭᠤᠴᠤᠳ ᠬᠦᠳᠡᠭᠡ | ᠪᠠᠭᠤᠬᠤ ᠤᠷᠢᠶᠠᠯᠠᠯᠭᠠ ᠲᠤᠷᠠᠳᠴᠦ᠂ ᠲᠤᠰᠬᠠᠢ ᠺᠤᠮᠢᠰ ᠪᠠᠶᠢᠭᠤᠯᠪᠠ᠃ | 7 ᠰᠠᠷ᠎ᠠ ᠶᠢᠨ 18 ᠤ ᠡᠳᠦᠷ᠂ ᠣᠷᠠᠨ ᠲᠦᠰᠢ ᠠᠭᠤᠯᠠᠨ ᠳᠤ ᠲᠤᠭᠰᠢᠨ ᠪᠤᠷᠤᠭᠠᠨ ᠤᠷᠤᠵᠦ᠂ ᠦᠶᠡᠷ | ᠤᠨ ᠣᠰᠣ ᠴᠠᠪᠴᠢᠷ ᠭᠤᠤᠯ ᠤᠨ ᠠᠮᠠ᠂ ᠮᠣᠷᠣᠢ ᠭᠤᠤᠯ ᠤᠨ ᠠᠮᠠ ᠪᠠᠷ ᠴᠢᠳᠬᠤᠯᠠᠨ ᠭᠠᠷᠴᠤ᠂ ᠦᠶᠡᠷ | ᠰᠡᠷᠭᠡᠶᠢᠯᠡᠬᠦ ᠬᠠᠰᠢᠯᠭ᠎ᠠ ᠶᠢ ᠲᠠᠪᠠᠨ ᠭᠠᠷᠴᠣ᠂ ᠪᠤᠤ ᠯᠠᠨ ᠲᠡᠮᠦᠷ ᠵᠠᠮ ᠢ ᠲᠠᠪᠠᠵᠤ᠂ ᠭᠠᠯᠲᠤ ᠲᠡᠷᠭᠡᠨ ᠦᠷᠳᠡᠭᠡᠨ ᠤ | ᠭᠡᠷ ᠪᠦᠯᠢ ᠶᠢᠨ ᠪᠠᠶᠢᠷᠢ ᠳᠤ 1 ᠲᠤᠬᠤᠢ ᠬᠦᠨ ᠤᠰᠤ ᠤᠷᠤᠪᠠ᠃ ᠪᠤᠤ ᠯᠠᠨ ᠭᠤᠤᠯ ᠱᠣᠭᠤᠮ ᠤᠨ ᠠᠶᠠᠨᠴᠢᠳ᠂ | ᠪᠠᠷᠠᠭᠠᠨ ᠤ ᠲᠡᠷᠭᠡ 21 ᠴᠠᠭ ᠠᠴᠠ ᠲᠠᠷᠠᠭ᠎ᠠ ᠡᠳᠦᠷ ᠤᠨ 18 ᠴᠠᠭ ᠪᠤᠯᠳᠠᠯ᠎ᠠ ᠠᠷᠭ᠎ᠠ ᠪᠤᠰᠤ ᠲᠡᠷᠬᠡ ᠨᠡᠪᠳᠡᠷᠡᠭᠦ ᠶᠢ | ᠲᠦᠷ ᠵᠤᠭᠰᠣᠭᠠᠪᠠ᠃ | 11 ᠰᠠᠷ᠎ᠠ ᠶᠢᠨ 28 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠲᠦᠭᠡᠭᠡᠯ ᠤᠰᠤᠡ ᠤ | ᠦᠢᠯᠡᠳᠪᠦᠷᠢ ᠪᠠᠶᠢᠭᠤᠯᠤᠭᠳᠠᠪᠠ᠃ | 12 ᠰᠠᠷ᠎ᠠ᠂ ᠲᠤᠮᠳᠠᠲᠤ ᠣᠯᠣᠰ ᠤᠨ ᠡᠪ ᠬᠠᠮᠲᠤ ᠨᠠᠮ ᠤᠨ ᠤᠳᠠ ᠬᠤᠳᠠ ᠶᠢᠨ ᠬᠤᠷᠢᠶᠠᠨ ᠤ ᠪᠦᠬᠦ | ᠬᠡᠰᠢᠭᠦᠳ ᠤᠨ ᠦᠷᠭᠡᠳᠭᠡᠭᠰᠡᠨ ᠬᠤᠷᠠᠯᠳᠣᠭᠠᠨ ᠬᠢᠵᠦ᠂ ᠦᠪᠦᠷ ᠮᠤᠩᠭᠤᠯ ᠤᠨ ᠭᠤᠷᠪᠠᠨ ᠲᠡᠰ ᠤᠨ ᠺᠠᠳ᠋ᠷ ᠤᠨ | ᠬᠤᠷᠠᠯ ᠤᠨ ᠵᠤᠷᠢᠭ ᠰᠠᠨᠠᠭ᠎ᠠ ᠶᠢ ᠲᠤᠤᠱᠯᠠᠭᠤᠯᠵᠤ᠂ ᠰᠢᠭᠦᠮᠵᠢᠯᠡᠯ ᠬᠢᠵᠦ ᠠᠩᠭᠢ ᠶᠢᠨ ᠲᠡᠮᠡᠴᠡᠯ ᠢ ᠠᠳᠬᠤᠬᠤ ᠲᠠᠯ᠎ᠠ | ᠶᠢᠨ ᠪᠠᠷᠠᠭᠤᠨ ᠬᠡᠯᠪᠡᠷᠢᠯ ᠤᠨ ᠦᠵᠡᠯ ᠰᠠᠨᠠᠭ᠎ᠠ ᠳᠤ ᠪᠠᠶᠢᠴᠠᠭᠠᠯᠳᠠ ᠬᠢᠪᠡ᠃ | ᠲᠤᠰ ᠵᠢᠯ᠂ ᠤᠳᠠ ᠬᠤᠳᠠ ᠠᠴᠠ ᠺᠠᠳᠠᠷ ᠲᠤᠮᠢᠯᠠᠨ ᠰᠢᠯᠵᠢᠭᠦᠯᠵᠦ᠂ ᠦᠶᠤᠸᠠᠨ᠂ ᠯᠢᠨ ᠾᠧ ᠶᠢᠨ | ᠭᠦᠳᠡᠭᠡ ᠲᠤᠰᠬᠤᠨ ᠤ ︽ᠲᠦᠷᠪᠡ ᠶᠢ ᠲᠤᠳᠤᠷᠬᠠᠶᠢᠯᠠᠬᠤ︾ ︵ᠣᠯᠣᠰ ᠲᠦᠷᠦ ᠪᠠᠨ ᠲᠤᠳᠤᠷᠬᠠᠶᠢᠯᠠᠬᠤ᠂ ᠠᠵᠤ | ᠠᠬᠤᠢ ᠪᠠᠨ ᠲᠤᠳᠤᠷᠬᠠᠶᠢᠯᠠᠬᠤ᠂ ᠵᠤᠬᠢᠶᠠᠨ ᠪᠠᠶᠢᠭᠤᠯᠤᠯᠳᠠ ᠪᠠᠨ ᠲᠤᠲᠤᠷᠬᠠᠶᠢᠯᠠᠬᠤ᠂ ᠦᠵᠡᠯ ᠰᠠᠨᠠᠭ᠎ᠠ ᠪᠠᠨ | ᠲᠤᠲᠤᠷᠬᠠᠶᠢᠯᠠᠬᠤ︶ ᠬᠦᠳᠡᠯᠭᠡᠭᠡᠨ ᠳᠤ ᠤᠷᠤᠯᠴᠠᠭᠤᠯᠪᠠ᠃ | ▲ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠵᠢᠶᠤᠤ ᠽᠢ ᠭᠸᠤ ᠨᠡᠭᠦᠷᠡᠰᠦᠨ ᠠᠭᠤᠷᠬᠠᠢ | ᠮᠡᠷᠭᠡᠵᠢᠯ ᠤᠨ ᠦᠭᠡᠷᠡᠴᠢᠯᠡᠯᠳᠡ ᠶᠢ ᠪᠡᠶᠡᠯᠡᠭᠦᠯᠵᠦ᠂ ᠵᠢᠷᠤᠭ ᠲᠥᠯᠥᠪᠯᠡᠭᠡ ᠬᠢᠭᠰᠡᠨ ᠴᠢᠳᠠᠪᠤᠷᠢ ᠪᠠᠷ ᠵᠢᠯ ᠤᠨ | ᠨᠡᠭᠦᠷᠡᠰᠦᠨ ᠤ ᠭᠠᠷᠣᠯᠳᠠ 21 ᠲᠦᠮᠡᠨ ᠲᠤᠨ ᠪᠤᠯᠤᠨ᠎ᠠ᠃ |