1. ᠬᠦᠭᠡᠷᠦᠯᠲᠡ ᠠᠴᠠ ᠪᠤᠯᠵᠤ ᠬᠦᠵᠦᠭᠦᠤ ᠬᠦᠰᠢᠨ ᠲᠤᠯᠤᠭᠠᠢ ᠲᠡᠪᠬᠡᠶᠢᠵᠦ ᠪᠤᠶᠢᠯᠠ ᠬᠦᠭᠡᠭᠡᠪᠡᠯ ᠬᠠᠯᠠᠭᠤᠨ | ᠤᠰᠤ ᠪᠠᠷ ᠬᠦᠯ ᠢᠶᠠᠨ ᠤᠭᠢᠶᠡᠵᠤ ᠲᠤᠯᠤᠭᠠᠢ ᠪᠠᠨ ᠱᠠᠪᠰᠢᠨ᠎ᠠ᠃ | 2. ᠶᠠᠰᠤ ᠪᠡᠷᠳᠡᠵᠤ ᠶᠡᠭᠡ ᠵᠠᠰᠠᠯᠭ᠎ᠠ ᠬᠢᠯᠭᠡᠵᠦ ᠠᠮᠵᠢᠬᠤ ᠠᠴᠠ ᠤᠷᠢᠳ ᠲᠤᠯᠤᠭᠠᠨ ᠲᠤᠭᠤᠭ᠎ᠠ ᠶᠢᠨ | ᠬᠠᠯᠠᠭᠤᠨ ᠤᠰᠤ ᠪᠠᠷ ᠬᠦ᠋ ᠶᠢ ᠬᠠᠷ᠎ᠠ ᠠᠷᠢᠬᠢᠨ ᠳᠤ ᠵᠠᠭᠤᠷᠠᠵᠦ ᠤᠤᠭᠤᠪᠠᠯ ᠲᠤᠰᠠ ᠪᠤᠯᠤᠨ᠎ᠠ᠃ | 3. ᠨᠢᠯᠬ᠎ᠠ ᠬᠡᠤᠬᠡᠳ ᠲᠤ ᠬᠠᠭᠤᠷᠮᠠᠭ ᠰᠢᠳᠦ ᠭᠠᠷᠴᠦ ᠬᠦᠬᠦᠵᠦ ᠲᠡᠶᠢᠯᠬᠦ ᠦᠭᠡᠢ ᠦᠶ᠎ᠡ ᠳᠤ ᠰᠢᠨ᠎ᠠ ᠬᠦᠬᠡ | ᠪᠦᠰ ᠤᠨ ᠦᠭᠡᠳᠡᠰᠤ ᠶᠢ ᠴᠠᠭᠠᠨ ᠪᠤᠷᠠᠮ ᠳᠤ ᠲᠦᠷᠦᠵᠦ ᠴᠠᠶᠢᠭᠰᠠᠨ ᠬᠡᠰᠡᠭ ᠢ ᠨᠢ ᠴᠢᠩᠭ᠎ᠠ ᠰᠢᠬ ᠶᠦᠷᠭᠡᠵᠦ | ᠱᠦᠷᠭᠦᠭᠡᠨᠠ᠃ | 4. ᠡᠮᠡᠭᠲᠡᠢ ᠬᠦᠮᠦᠨ ᠤ ᠬᠦᠬᠦ ᠬᠠᠪᠤᠳᠴᠦ ᠬᠡᠴᠡᠭᠦᠤ ᠬᠦᠭᠯᠡᠪᠡᠯ ᠬᠠᠭᠤᠴᠢᠨ ᠬᠤᠯᠤ ᠶᠢᠨ ᠦᠨᠡᠰᠤ ᠶᠢ | ᠤᠰᠤ ᠪᠠᠷ ᠲᠠᠷᠦᠭᠤᠯᠵᠦ ᠤᠤᠭᠤᠨ᠎ᠠ᠃ | 5. ᠬᠡᠤᠬᠡᠳ ᠨᠢᠯᠬ᠎ᠠ ᠶᠢᠨ ᠬᠤᠳᠤᠭᠤᠳᠤ ᠤᠷᠪᠠᠵᠤ ᠬᠤᠭᠤᠯᠠ ᠲᠤᠭᠳᠠᠭᠠᠬᠤ ᠦᠭᠡᠢ ᠰᠠᠭᠤᠯᠭᠠᠭᠠᠳ | ᠪᠠᠶᠢᠪᠠᠯ ᠨᠠᠷᠢᠮᠤ ᠪᠤᠳᠠᠭ᠎ᠠ ᠶᠢ ᠠᠶᠠᠭᠠᠨ ᠳᠤ ᠪᠢᠯᠬᠠᠲᠠᠯ᠎ᠠ ᠬᠢᠵᠦ ᠠᠯᠴᠢᠭᠤᠷ ᠪᠤᠶᠤ ᠪᠦᠰ ᠢᠶᠠᠷ ᠪᠦᠷᠬᠦᠵᠤ ᠭᠡᠳᠡᠰᠤ ᠶᠢ | ᠨᠢ ᠢᠯᠢᠵᠦ᠂ ᠢᠯᠢᠬᠦ ᠪᠦᠷᠢ ᠳᠤ ᠲᠤᠨᠳᠠᠷᠠᠭᠰᠠᠨ ᠪᠤᠳᠠᠭ᠎ᠠ ᠳᠠᠭᠠᠨ ᠪᠤᠳᠠᠭ᠎ᠠ ᠨᠡᠮᠡᠭᠡᠳ ᠲᠤᠨᠳᠠᠷᠠᠬᠤ ᠪᠠᠨ ᠪᠤᠯᠢᠬᠤ ᠳᠤ | ᠢᠯᠢᠬᠦ ᠪᠠᠨ ᠵᠤᠭᠰᠤᠨ᠎ᠠ᠃ | 6. ᠬᠡᠤᠬᠡᠳ ᠤᠨ ᠲᠤᠲᠤᠷ ᠪᠦᠭᠡᠷ᠎ᠡ ᠤᠨᠠᠪᠠᠯ᠂ ᠬᠦᠯ ᠤᠨ ᠤᠯᠠ ᠶᠢ ᠨᠢ ᠵᠡᠷᠭᠡᠴᠡᠭᠦᠯᠵᠦ ᠬᠦᠩᠭᠡᠨ ᠬᠦᠩᠭᠡᠨ | ᠲᠠᠪᠰᠢᠵᠦ ᠲᠤᠳᠤᠮᠳᠠᠨᠠ᠃ | 7. ᠲᠤᠷ᠎ᠠ ᠪᠤᠯᠬᠢᠵᠦ ᠪᠦᠭᠡᠯᠵᠢᠰᠦ ᠬᠦᠷᠪᠡᠯ ᠵᠢᠪᠡ ᠲᠠᠢ ᠬᠦᠬᠡ ᠲᠡᠮᠦᠷ ᠦᠨᠤᠷᠯᠡᠪᠡᠯ ᠵᠢᠭᠠᠬᠠᠨ ᠴᠦ ᠬᠡᠰᠡᠨ | ᠲᠤᠰᠠ ᠪᠤᠯᠤᠨ᠎ᠠ᠃ | 8. ᠬᠢᠲᠤᠭ᠎ᠠ ᠵᠡᠪᠰᠡᠭ ᠤᠨ ᠰᠢᠷᠬ᠎ᠠ ᠤᠯᠵᠦ ᠴᠢᠰᠤ ᠭᠠᠷᠤᠭᠠᠳ ᠵᠤᠭᠰᠤᠬᠤ ᠦᠭᠡᠢ ᠪᠤᠯ ᠬᠤᠨ ᠭᠠᠯᠠᠭᠤᠨ | ᠦᠲᠦ ᠶᠢ ᠲᠦᠯᠡᠵᠦ ᠲᠠᠷᠤᠨ᠎ᠠ᠂ ᠤᠯᠳᠠᠬᠤ ᠦᠭᠡᠢ ᠪᠤᠯ ᠬᠦᠪᠦᠩ ᠢᠶᠠᠷ ᠴᠦ ᠪᠤᠯᠤᠨ᠎ᠠ᠃ | 9. ᠠᠮᠠ ᠠᠮᠠᠭᠠᠶᠢᠳᠡᠪᠠᠯ ᠤᠨᠤᠵᠦ ᠢᠷᠡᠭᠰᠡᠨ ᠮᠤᠷᠢᠨ ᠤ ᠬᠠᠯᠠᠭᠤᠨ ᠠᠮᠠᠭᠠᠢ ᠪᠠᠷ ᠲᠠᠷᠤᠯᠬᠢᠯᠠᠨᠠ᠃ | 10. ᠬᠦᠮᠦᠨ ᠮᠠᠯ ᠳᠤ ᠴᠠᠬᠤᠯᠠᠢ ᠭᠠᠷᠪᠠᠯ ᠮᠠᠯ ᠤᠨ ᠬᠠᠪᠢᠷᠭ᠎ᠠ ᠶᠢᠨ ᠶᠠᠰᠤ ᠶᠢ ᠭᠠᠯ ᠳᠤ ᠬᠠᠯᠠᠭᠠᠵᠦ | ᠲᠠᠷᠤᠨ᠎ᠠ᠃ | 11. ᠬᠡᠤᠬᠡᠳ ᠪᠠᠭᠠᠰᠤ ᠠᠯᠳᠡᠪᠠᠯ ᠰᠠᠭᠠᠭ ᠤᠨ ᠭᠤᠯᠢᠷ ᠢᠶᠠᠷ ᠵᠢᠵᠢᠭᠬᠡᠨ ᠲᠤᠯᠤᠭᠠᠨ ᠪᠤᠤᠪᠤ ᠬᠢᠵᠦ ᠭᠠᠯ ᠳᠤ | ᠲᠦᠯᠡᠭᠳᠡᠲᠡᠯᠠ ᠪᠤᠯᠠᠵᠦ ᠢᠳᠡᠭᠦᠯᠦᠨ᠎ᠠ᠃ | 12. ᠶᠠᠰᠤ ᠨᠢ ᠭᠡᠮᠲᠦᠭᠰᠡᠨ ᠬᠦᠮᠦᠨ ᠳᠤ ᠶᠠᠨᠰᠢᠯ ᠮᠤᠳᠤᠨ ᠤ ᠬᠤᠵᠤᠤᠯ᠎ᠠ ᠴᠢᠨᠠᠵᠤ ᠰᠦᠮᠦᠰᠦ ᠶᠢ ᠨᠢ | ᠤᠤᠭᠤᠯᠭᠠᠨ᠎ᠠ᠃ | 13. ᠨᠤᠬᠠᠢ ᠳᠤ ᠬᠠᠵᠠᠭᠳᠠᠪᠠᠯ ᠨᠤᠬᠠᠢ ᠶᠢᠨ ᠰᠡᠭᠦᠯ ᠤᠨ ᠦᠵᠦᠭᠦᠷ ᠠᠴᠠ ᠨᠢ ᠬᠠᠶᠢᠴᠢᠯᠠᠵᠤ ᠠᠪᠤᠭᠠᠳ | ᠬᠠᠵᠠᠭᠳᠠᠭᠰᠠᠨ ᠬᠡᠰᠡᠭ ᠲᠤᠨᠢ ᠰᠢᠳᠠᠭᠠᠵᠦ ᠲᠠᠷᠤᠨ᠎ᠠ᠃ | 14. ᠵᠢᠪᠠᠷ ᠠᠪᠴᠦ ᠵᠢᠩᠭᠢᠨᠡᠭᠡᠳ ᠵᠤᠬᠢᠰᠬᠤ ᠪᠤᠶᠤ ᠬᠠᠳᠬᠤᠯᠠᠪᠠᠯ ᠤᠨ ᠤᠳᠠᠭᠰᠠᠨ ᠠᠭᠠᠷᠤᠤᠯ ᠢ ᠤᠰᠤᠨ | ᠳᠤ ᠨᠡᠷᠡᠵᠦ ᠤᠤᠭᠤᠨ᠎ᠠ᠃ | 15. ᠨᠢᠳᠦᠨ ᠳᠤ ᠡᠪᠦᠳᠦᠭ ᠭᠠᠷᠪᠠᠯ ᠡᠪᠦᠳᠦᠭ ᠲᠡᠭᠡᠷ᠎ᠡ ᠪᠠᠨ ᠶᠦᠷᠭᠦᠭᠡᠵᠦ ︿ᠡᠮ ᠪᠤᠯ ᠲᠤᠮ ᠪᠤᠯ﹀ ᠭᠡᠪᠡᠯ | ᠢᠳᠡᠭᠡᠵᠦ ᠮᠡᠳᠡᠨ᠎ᠠ᠃ | 16. ᠨᠢᠳᠦ ᠤᠯᠠᠶᠢᠵᠦ ᠡᠪᠡᠳᠪᠡᠯ ᠬᠦᠬᠦ ᠶᠢᠨ ᠰᠦ ᠲᠤᠰᠤᠭᠠᠨ᠎ᠠ᠃ | 17. ᠶᠡᠭᠡ ᠬᠠᠯᠠᠭᠤᠷᠠᠪᠠᠯ ᠲᠤᠭᠤᠯᠠᠩ ᠤᠯᠤᠰᠤ ᠴᠢᠨᠠᠵᠤ ᠤᠤᠭᠤᠨ᠎ᠠ᠃ | 18. ᠭᠠᠷ ᠬᠦᠯ ᠢᠶᠠᠨ ᠬᠠᠯᠠᠭᠠᠭᠰᠠᠨ ᠪᠠᠶᠢᠪᠠᠯ ᠲᠦᠬᠦᠭᠡᠢ ᠬᠠᠷ᠎ᠠ ᠪᠤᠳᠠᠭ᠎ᠠ ᠶᠢᠨ ᠲᠤᠳᠤᠷ᠎ᠠ ᠰᠢᠷᠭᠤᠭᠤᠯᠤᠨᠠ | ᠃ | 19. ᠭᠠᠷ ᠤᠨ ᠬᠤᠷᠤᠭᠤ ᠴᠢᠨᠢ ᠰᠦᠷᠴᠦ ᠪᠠᠶᠢᠪᠠᠯ ᠪᠦᠭᠡᠰᠦ ᠶᠢᠨ ᠴᠢᠰᠤ ᠲᠦᠷᠬᠢᠪᠡᠯ ᠰᠠᠶᠢᠨ᠃ | 20. ᠭᠠᠷ ᠲᠡᠭᠡᠷ᠎ᠡ ᠦ ᠤᠷᠭᠤᠭᠰᠠᠨ ᠪᠤᠯ ᠢᠮᠠᠭᠠᠯᠵᠠᠭᠠᠨᠠ ᠬᠤᠷᠤᠬᠠᠢ ᠪᠠᠷ ᠢᠳᠡᠭᠦᠯᠦᠨ᠎ᠠ᠃ | 21. ᠵᠤᠭᠤᠰᠤᠨ ᠢᠯᠳᠦ ᠭᠠᠷᠤᠭᠰᠠᠨ ᠪᠤᠯ ᠪᠢᠯᠵᠤᠤᠬᠠᠢ ᠶᠢᠨ ᠬᠠᠯᠠᠭᠤᠨ ᠴᠢᠰᠤ ᠲᠦᠷᠬᠢᠨ᠎ᠡ᠃ | 22. ᠬᠡᠤᠬᠡᠳ ᠤᠨ ᠲᠠᠪᠤᠰᠠᠩ ᠮᠠᠭᠤᠳᠠᠵᠤ ᠰᠢᠭᠡᠰᠦ ᠠᠯᠳᠠᠭᠠᠳ ᠪᠠᠶᠢᠪᠠᠯ ᠬᠤᠨᠢ ᠮᠠᠯ ᠤᠨ ᠲᠠᠪᠤᠰᠠᠩ | ᠴᠢᠨᠠᠵᠤ ᠢᠳᠡᠭᠦᠯᠦᠨ᠎ᠠ᠃ | 23. ᠬᠦᠢᠳᠡᠨ ᠵᠢᠪᠠᠷ ᠲᠤ ᠵᠢᠩᠭᠢᠨᠠᠵᠤ ᠬᠦᠢᠰᠦ ᠲᠤᠭᠤᠷᠢᠵᠦ ᠡᠪᠡᠳᠪᠡᠯ ᠲᠤᠰᠤ ᠲᠠᠢ ᠬᠠᠭᠤᠴᠢᠨ | ᠵᠦᠯᠭᠦᠭᠦᠷ ᠢ ᠭᠠᠯ ᠳᠤ ᠡᠭᠡᠭᠡᠵᠦ ᠲᠠᠷᠤᠪᠠᠯ ᠵᠦᠭᠡᠷ ᠪᠤᠯᠤᠨ᠎ᠠ᠃ | 24. ᠮᠡᠳᠡᠷᠡᠯ ᠠᠯᠳᠠᠵᠤ ᠤᠶᠢᠴᠢᠭᠰᠠᠳ ᠢ ᠤᠷᠤᠨ ᠠᠴᠠ ᠨᠢ ᠭᠤᠷᠪᠠ ᠰᠢᠵᠢᠭᠦᠯᠤᠨᠠ | 25. ᠬᠡᠤᠬᠡᠳ ᠤᠨ ᠭᠡᠵᠢᠭᠡ ᠤᠷᠭᠤᠬᠤ ᠪᠠᠷ ᠠᠨᠠᠢ ᠪᠤᠯ ᠬᠤᠨᠢ ᠮᠠᠯ ᠤᠨ ᠰᠢᠯᠢ ᠴᠢᠨᠠᠵᠤ ᠢᠳᠡᠭᠦᠯᠤᠨᠠ᠃ | | 26. ᠬᠤᠭᠤᠯᠠ ᠢᠳᠡᠭᠡᠨ ᠳᠤ ᠬᠤᠤᠷᠳᠠᠭᠳᠠᠭᠰᠠᠨ ᠬᠦᠮᠦᠨ ᠳᠤ ᠴᠠᠭ᠎ᠠ ᠤᠤᠭᠤᠯᠭᠠᠨ᠎ᠠ᠃ | 27. ᠢᠯᠠᠭ᠎ᠠ ᠪᠠᠳᠠᠭᠠᠨ ᠳᠤ ᠬᠠᠵᠠᠭᠳᠠᠪᠠᠯ ᠠᠶᠢᠷᠠᠭ ᠤᠨ ᠬᠦᠯᠮᠦᠭ ᠲᠦᠷᠬᠢᠨ᠎ᠡ᠃ | 28. ᠶᠠᠰᠦ ᠭᠡᠮᠳᠦᠭᠰᠡᠨ ᠤ ᠲᠠᠷᠠᠭ᠎ᠠ ᠪᠠᠷᠢᠵᠦ ᠤᠶᠠᠪᠠᠯ ᠨᠠᠪᠴᠢᠨ ᠲᠠᠮᠠᠬᠢᠨ ᠳᠤ ᠬᠠᠷ᠎ᠠ ᠠᠷᠢᠬᠢ ᠰᠢᠩᠭᠡᠭᠡᠵᠦ | ᠤᠶᠠᠪᠠᠯ ᠬᠠᠪᠤᠳᠠᠷ ᠢ ᠭᠠᠷᠭᠠᠵᠤ ᠡᠪᠡᠳᠬᠦ ᠶᠢ ᠵᠤᠭᠰᠤᠭᠠᠨ᠎ᠠ᠃ | 29. ᠨᠤᠶᠢᠷ ᠠᠯᠳᠠᠪᠠᠯ ᠤᠨᠳᠠᠬᠤ ᠠᠴᠠ ᠪᠠᠨ ᠡᠮᠦᠨ᠎ᠡ ᠰᠤᠩᠭᠢᠨ᠎ᠠ ᠰᠠᠷᠢᠮᠰᠤᠭ ᠲᠠᠢ ᠬᠤᠨᠢᠨ ᠱᠦᠯᠦ | ᠤᠤᠭᠤᠨ᠎ᠠ᠃ | 30. ᠴᠢᠬᠢ ᠱᠤᠤᠬᠢᠨ ᠬᠡᠢ ᠲᠡᠭᠡᠭᠰᠢᠯᠡᠪᠡᠯ ᠰᠤᠩᠭᠢᠨ᠎ᠠ ᠶᠢᠨ ᠴᠠᠭᠠᠨ ᠤᠭ ᠢ ᠴᠢᠬᠢᠨ ᠳᠡᠭᠡᠨ ᠬᠢᠵᠦ ᠪᠦᠭᠯᠡᠨᠠ | ᠃ | 31. ᠬᠦᠯ ᠤᠨ ᠰᠤᠳᠠᠯ ᠵᠠᠩᠬᠢᠳᠴᠦ ᠪᠠᠮ ᠮᠠᠶ᠋ᠢᠭᠲᠠᠢ ᠡᠪᠡᠳᠴᠢᠨ ᠢ ᠬᠠᠯᠠᠭᠠᠢ ᠶᠢᠨ ᠰᠦᠮᠦᠰᠤ ᠪᠠᠷ | ᠤᠬᠢᠶᠠᠵᠤ ᠬᠡᠭᠦᠤ ᠶᠢᠨ ᠬᠠᠷᠪᠢᠰᠤ ᠪᠠᠷ ᠤᠷᠢᠶᠠᠨ᠎ᠠ᠂᠃ | 32. ᠬᠤᠭᠤᠯᠠᠢ ᠬᠦᠭᠡᠭᠡᠵᠦ ᠡᠪᠡᠳᠪᠡᠯ ᠲᠠᠪᠤᠰᠤ ᠲᠠᠢ ᠤᠰᠤ ᠪᠠᠷ ᠠᠮᠠ ᠪᠠᠨ ᠵᠠᠶᠢᠯᠠᠨ᠎ᠠ᠃ |