11. ᠠᠮᠵᠢᠯᠳᠠ ᠬᠢᠭᠡᠳ ᠢᠯᠠᠭᠳᠠᠯ ᠳᠤ ᠠᠳᠠᠯᠢᠬᠠᠨ ᠵᠦᠪ ᠢᠶᠠᠷ ᠬᠠᠨᠳᠣᠬᠤ ᠭᠡᠷᠡᠭᠳᠡᠢ᠃ ᠢᠯᠠᠭᠳᠠᠭᠰᠠᠨ | ᠦᠶ᠎ᠡ ᠳᠤ ᠢᠷᠡᠭᠡᠳᠦᠢ ᠪᠠᠨ ᠠᠯᠳᠠᠭᠰᠠᠨ ᠦᠭᠡᠢ ᠶᠣᠮ ᠪᠣᠯ ᠠᠮᠵᠢᠯᠳᠠ ᠵᠠᠮ ᠲᠠᠬᠢᠨ ᠲᠣᠳᠣᠷᠠᠬᠤ ᠨᠢ ᠯᠠᠪ︕ | 12. ᠠᠮᠢᠳᠣᠷᠠᠯ ᠪᠣᠯ ᠲᠣᠯᠢ ᠮᠦᠨ᠃ ᠬᠡᠷᠪᠡ ᠴᠢ ᠲᠡᠭᠦᠨ ᠳᠤ ᠢᠨᠢᠶᠡᠪᠡᠯ ᠲᠡᠷᠡ ᠪᠠᠰᠠ ᠴᠢᠨᠦ ᠵᠦᠭ | ᠢᠨᠢᠶᠡᠵᠦ᠂ ᠴᠢ ᠲᠡᠭᠦᠨ ᠤ ᠵᠦᠭ ᠣᠬᠢᠯᠠᠪᠠᠯ ᠲᠡᠷᠡ ᠪᠠᠰᠠ ᠴᠢᠨᠦ ᠵᠦᠭ ᠣᠬᠢᠯᠠᠵᠣ ᠦᠭᠳᠡᠭ᠃ | 14. ᠠᠮᠢᠳᠣᠷᠠᠯ ᠳᠤ ᠲᠠᠷᠣᠯᠳᠠ ᠪᠠᠶᠢᠮᠠᠨ ᠰᠠᠶ᠋ᠢ ᠬᠦᠳᠡᠯᠭᠡᠬᠦ ᠬᠦᠴᠦᠨ ᠲᠠᠢ᠃ | 15. ᠪᠢ ᠠᠮᠢᠳᠣᠷᠠᠯ ᠤᠨ ᠰᠢᠯᠭᠠᠯᠳᠠ ᠶᠢ ᠪᠠᠭᠰᠢ ᠭᠡᠵᠦ ᠦᠵᠡᠳᠡᠭ ᠪᠦᠭᠡᠳ ᠣᠳᠠᠭ᠎ᠠ ᠪᠦᠷᠢ ᠶᠢᠨ | ᠰᠢᠯᠭᠠᠯᠳᠠ ᠶᠢ ᠵᠠᠪᠰᠢᠶᠠᠨ ᠢᠶᠠᠷ ᠪᠣᠳᠣᠵᠣ᠂ ᠲᠡᠭᠦᠨ ᠤ ᠠᠰᠢᠭ ᠰᠢᠮ᠎ᠡ ᠶᠢ ᠨᠢ ᠪᠦᠷᠢᠨ ᠬᠦᠷᠳᠡᠬᠦ ᠪᠠᠷ | ᠭᠦᠭᠡᠭᠡᠴᠡᠯᠳᠦᠳᠡᠭ᠃ | 16. ᠰᠢᠯᠭᠠᠯᠳᠠ ᠶᠢᠨ ᠲᠣᠬᠠᠢ᠄ ᠰᠢᠯᠭᠠᠯᠳᠠ ᠪᠠᠷ ᠲᠠᠮᠵᠢᠨ ᠰᠠᠶ᠋ᠢ ᠦᠪᠡᠷ ᠤᠨ ᠲᠠᠪᠠᠭᠤᠯᠢᠭ᠂ ᠲᠣᠳᠠᠭᠳᠠᠯ | ᠢᠶᠠᠨ ᠲᠠᠨᠢᠵᠣ᠂ ᠪᠣᠰᠣᠳᠴᠢ ᠪᠠᠷ ᠪᠡᠶ᠎ᠡ ᠪᠠᠨ ᠦᠨᠡᠯᠡᠨ ᠨᠡᠩ ᠶᠡᠭᠡ ᠲᠠᠪᠰᠢᠯᠳᠠ ᠶᠢ ᠣᠯᠵᠣ ᠲᠡᠶᠢᠯᠦᠨ᠎ᠡ︔ ᠮᠠᠭᠤ | ᠰᠢᠯᠭᠠᠭᠤᠯᠣᠭᠰᠠᠨ ᠨᠢ ᠮᠢᠨᠦ ᠪᠠᠭᠤᠷᠠᠢ ᠭᠡᠳᠡᠭ ᠢ ᠢᠯᠡᠷᠡᠭᠦᠯᠬᠦ ᠪᠢᠰᠢ᠂ ᠬᠠᠷᠢᠨ ᠪᠣᠰᠣᠳ ᠤᠨ ᠨᠠᠳᠠ ᠠᠴᠠ | ᠲᠠᠪᠠᠭᠤᠯᠢᠭ ᠭᠡᠳᠡᠭ ᠢ ᠭᠡᠷᠡᠴᠢᠯᠡᠨ᠎ᠡ᠃ ᠪᠢ ᠲᠡᠳᠡᠨ ᠰᠣᠷᠣᠯᠴᠠᠵᠣ ᠲᠣᠳᠠᠭᠳᠠᠯ ᠢᠶᠠᠨ ᠬᠢᠨᠠᠵᠣ ᠨᠦᠬᠦᠪᠦᠷᠢᠯᠡᠬᠦ ᠨᠢ | ᠲᠠᠭᠠᠷᠠᠨ᠎ᠠ︔ ᠰᠢᠯᠭᠠᠯᠳᠠ ᠪᠣᠯ ᠪᠢᠳᠡᠨ ᠤ ᠮᠡᠳᠡᠯᠭᠡ ᠴᠢᠳᠠᠪᠣᠷᠢ ᠶᠢ ᠬᠡᠮᠵᠢᠶᠡᠯᠡᠨ ᠪᠠᠷᠢᠮᠵᠢᠶᠠᠯᠠᠬᠤ ᠬᠡᠮᠵᠢᠭᠦᠷ ᠪᠢᠰᠢ᠂ | ᠬᠠᠷᠢᠨ ᠪᠢᠳᠡᠨ ᠤ ᠬᠡᠪ ᠪᠣᠯᠪᠠᠰᠣᠷᠠᠯ ᠢ ᠲᠠᠪᠳᠠᠨ ᠪᠣᠯᠪᠠᠰᠣᠷᠠᠭᠤᠯᠬᠤ ᠬᠠᠮᠤᠭ ᠰᠠᠶᠢᠨ ᠲᠣᠬᠢᠶᠠᠯ ᠮᠦᠨ᠃ | 17. ᠬᠦᠮᠦᠨ ᠤ ᠠᠮᠢᠳᠣᠷᠠᠯ ᠤᠨ ᠣᠷᠳᠣᠬᠠᠨ ᠶᠠᠪᠣᠴᠠ ᠶᠢ ᠭᠤᠷᠪᠠᠨ ᠴᠠᠭ ᠲᠤ ᠬᠤᠷᠢᠶᠠᠩᠭᠤᠶᠢᠯᠠᠳᠠᠭ᠃ | ᠦᠩᠭᠡᠷᠡᠭᠰᠡᠨ ᠪᠣᠯ ᠡᠨᠧᠷᠬᠢ ᠶᠢᠨ ᠴᠣᠭᠯᠠᠷᠠᠯ ᠮᠦᠨ᠂ ᠦᠨᠦ ᠡᠳᠦᠷ ᠪᠣᠯ ᠡᠨᠧᠷᠬᠢ ᠶᠢᠨ ᠠᠰᠢᠭᠯᠠᠮᠵᠢ᠂ ᠢᠷᠡᠭᠡᠳᠦᠢ | ᠶᠢᠨ ᠪᠠᠳᠣ ᠰᠠᠭᠤᠷᠢ ᠶᠢᠨ ᠴᠣᠭᠴᠠᠯᠠᠯ ᠮᠦᠨ᠃ ᠢᠷᠡᠭᠡᠳᠦᠢ ᠪᠣᠯ ᠡᠨᠧᠷᠬᠢ ᠶᠢᠨ ᠣᠷᠪᠠᠯ᠂ ᠬᠦᠳᠡᠯᠭᠡᠬᠦ ᠬᠦᠴᠦᠨ᠂ | ᠪᠦᠳᠦᠭᠡᠨ ᠪᠠᠶᠢᠭᠤᠯᠵᠣ ᠪᠠᠶᠢᠭ᠎ᠠ ᠭᠡᠷᠡᠯ ᠰᠠᠴᠣᠷᠠᠩᠭᠤᠢ ᠦᠢᠯᠠᠰ ᠪᠣᠯᠣᠨ᠎ᠠ᠃ ᠦᠴᠦᠭᠡᠳᠦᠷ ᠢᠶᠠᠨ ᠲᠣᠳᠣᠷᠬᠠᠢ | ᠬᠠᠷᠠᠵᠣ᠂ ᠦᠨᠦ ᠡᠳᠦᠷ ᠢᠶᠠᠨ ᠯᠠᠪᠳᠠᠭᠤᠨ ᠪᠠᠳᠣᠳᠠᠢ ᠪᠠᠷ ᠡᠵᠡᠮᠰᠢᠨ᠂ ᠮᠠᠷᠭᠠᠰᠢ ᠳᠤ ᠪᠠᠨ ᠪᠠᠶᠠᠷ ᠪᠠᠶᠠᠰᠬᠤᠯᠠᠩᠳᠠᠢ | ᠪᠠᠷ ᠬᠠᠨᠳᠣᠨ᠎ᠠ᠃ | 18. ᠡᠳᠦᠷ ᠤᠨ ᠴᠠᠭ ᠢ ᠣᠷᠳᠣᠳᠬᠠᠬᠤ ᠬᠠᠮᠤᠭ ᠰᠠᠶᠢᠨ ᠠᠷᠭ᠎ᠠ ᠪᠣᠯ ᠣᠷᠣᠢ ᠶᠢᠨ ᠬᠡᠳᠦᠨ ᠴᠠᠭ ᠢ | ᠬᠤᠯᠠᠭᠠᠶᠢᠯᠠᠵᠣ ᠬᠡᠷᠡᠭᠯᠡᠬᠦ ᠶᠠᠪᠣᠳᠠᠯ ᠪᠣᠯᠣᠨ᠎ᠠ᠃ | 19. ᠡᠷᠬᠡ ᠴᠢᠯᠦᠭᠡᠳᠡᠢ ᠪᠠᠶᠢᠬᠤ ᠲᠣᠷ᠎ᠠ ᠲᠠᠪᠠ ᠪᠠᠷ ᠢᠶᠠᠨ ᠶᠠᠪᠣᠬᠤ ᠲᠠᠢ ᠬᠡᠵᠢᠶᠡᠳᠡ ᠲᠡᠩᠴᠡᠭᠦᠦ ᠲᠡᠮᠳᠡᠭ | ᠲᠠᠯᠪᠢᠳᠠᠭ ᠦᠭᠡᠢ᠃ | 20. ᠬᠦᠮᠦᠨ ᠭᠡᠵᠦ ᠲᠣᠰ ᠪᠡᠶ᠎ᠡ ᠪᠠᠷ ᠢᠶᠠᠨ ᠨᠢᠭᠡᠨ ᠨᠣᠮ ᠪᠠᠶᠢᠵᠣ ᠶᠠᠮᠠᠷ ᠨᠢᠭᠡᠨ ᠬᠦᠮᠦᠨ ᠤ ᠪᠡᠶ᠎ᠡ ᠠᠴᠠ | ᠲᠡᠭᠦᠨ ᠤ ᠠᠮᠢᠳᠣᠷᠠᠯ᠂ ᠭᠡᠷ ᠪᠦᠯᠢ ᠶᠢ ᠣᠯᠵᠣ ᠬᠠᠷᠠᠵᠣ ᠪᠣᠯᠣᠨ᠎ᠠ᠃ |