41. ᠬᠦᠮᠦᠨ ᠣᠷᠴᠢᠨ ᠲᠣᠭᠤᠷᠢᠨ ᠢᠶᠠᠨ ᠦᠭᠡᠷᠡᠴᠢᠯᠡᠵᠦ ᠲᠡᠶᠢᠯᠬᠦ ᠦᠭᠡᠢ ᠪᠣᠯᠪᠠᠴᠣ ᠦᠪᠡᠷ ᠢ ᠪᠠᠨ | ᠦᠭᠡᠷᠡᠴᠢᠯᠡᠵᠦ ᠪᠣᠯᠣᠨ᠎ᠠ︔ ᠬᠦᠮᠦᠨ ᠪᠣᠳᠠᠳᠣ ᠬᠡᠷᠡᠭ ᠢ ᠬᠤᠪᠢᠷᠠᠭᠤᠯᠵᠣ ᠲᠡᠶᠢᠯᠬᠦ ᠦᠭᠡᠢ ᠪᠣᠯᠪᠠᠴᠣ ᠣᠪᠣᠷ ᠢᠶᠠᠨ | ᠬᠤᠪᠢᠷᠠᠭᠤᠯᠵᠣ ᠴᠢᠳᠠᠨ᠎ᠠ︔ ᠬᠦᠮᠦᠨ ᠦᠩᠭᠡᠷᠡᠭᠰᠡᠨ ᠢᠶᠠᠨ ᠦᠭᠡᠷᠡᠴᠢᠯᠡᠵᠦ ᠲᠡᠶᠢᠯᠬᠦ ᠦᠭᠡᠢ ᠪᠣᠯᠪᠠᠴᠣ ᠣᠳᠣᠬᠢ | ᠪᠠᠨ ᠦᠭᠡᠷᠡᠴᠢᠯᠡᠵᠦ ᠪᠣᠯᠣᠨ᠎ᠠ︔ ᠬᠦᠮᠦᠨ ᠪᠣᠰᠣᠳ ᠢ ᠡᠷᠬᠡᠰᠢᠶᠡᠵᠦ ᠲᠡᠶᠢᠯᠬᠦ ᠦᠭᠡᠢ ᠪᠣᠯᠪᠠᠴᠣ ᠦᠪᠡᠷ ᠢ ᠪᠠᠨ | ᠡᠵᠡᠮᠰᠢᠵᠦ ᠴᠢᠳᠠᠨ᠎ᠠ︔ ᠬᠦᠮᠦᠨ ᠮᠠᠷᠭᠠᠰᠢ ᠪᠠᠨ ᠲᠦᠰᠦᠪᠯᠡᠵᠦ ᠲᠡᠶᠢᠯᠬᠦ ᠦᠭᠡᠢ ᠪᠣᠯᠪᠠᠴᠣ ᠦᠨᠦ ᠡᠳᠦᠷ ᠢᠶᠠᠨ | ᠡᠵᠡᠮᠰᠢᠵᠦ ᠪᠣᠯᠣᠨ᠎ᠠ︔ ᠬᠦᠮᠦᠨ ᠶᠠᠭᠤᠮ᠎ᠠ ᠪᠦᠬᠦᠨ ᠳᠤ ᠰᠢᠯᠣᠭᠤᠨ ᠪᠦᠳᠦᠮᠵᠢᠳᠡᠢ ᠪᠠᠶᠢᠵᠣ ᠲᠡᠶᠢᠯᠬᠦ ᠦᠭᠡᠢ ᠴᠦ | ᠶᠠᠪᠣᠳᠠᠯ ᠪᠣᠯᠭᠠᠨ ᠳᠤ ᠪᠦᠬᠦ ᠬᠦᠴᠦᠨ ᠢᠶᠠᠷ ᠢᠶᠠᠨ ᠴᠢᠷᠮᠠᠶᠢᠵᠣ ᠪᠣᠯᠣᠨ᠎ᠠ︔ ᠬᠦᠮᠦᠨ ᠴᠠᠭ ᠠᠭᠤᠷ ᠢ ᠬᠤᠪᠢᠷᠠᠭᠤᠯᠵᠣ | ᠲᠡᠶᠢᠯᠬᠦ ᠦᠭᠡᠢ ᠴᠦ ᠣᠷᠮ᠎ᠠ ᠰᠡᠳᠬᠢᠯᠭᠡ ᠪᠠᠨ ᠬᠤᠪᠢᠷᠠᠭᠤᠯᠵᠣ ᠪᠣᠯᠣᠨ᠎ᠠ᠃ ᠬᠦᠮᠦᠨ ᠦᠩᠭᠡ ᠵᠢᠰᠦ ᠶᠢ ᠰᠣᠩᠭᠤᠵᠣ | ᠲᠡᠶᠢᠯᠬᠦ ᠦᠭᠡᠢ ᠪᠣᠯᠪᠠᠴᠣ ᠢᠨᠢᠶᠡᠮᠰᠦᠩᠬᠦᠢ ᠴᠢᠷᠠᠢ ᠪᠠᠨ ᠢᠯᠡᠷᠡᠭᠦᠯᠵᠦ ᠪᠣᠯᠣᠨ᠎ᠠ᠃ | 42. ᠠᠮᠢᠳᠣᠷᠠᠯ ᠪᠣᠯ ᠵᠡᠭᠦᠳᠦ ᠪᠢᠰᠢ᠂ ᠬᠠᠷᠢᠨ ᠪᠢᠳᠡ ᠦᠪᠡᠷ ᠢᠶᠠᠨ ᠲᠣᠯᠣᠨ ᠪᠣᠰᠬᠠᠭᠰᠠᠨ ᠴᠡᠯᠮᠡᠭ ᠠᠭᠠᠷ | ᠮᠦᠨ︔ ᠠᠮᠢ ᠨᠠᠰᠣ ᠪᠣᠯ ᠲᠣᠭᠯᠠᠭᠠᠮ ᠪᠢᠰᠢ᠂ ᠬᠠᠷᠢᠨ ᠨᠢᠭᠡᠨ ᠣᠳᠠᠭᠠᠨ ᠤ ᠰᠦᠷ ᠵᠢᠪᠬᠤᠯᠠᠩᠳᠣ ᠠᠷᠢᠭᠤᠨ | ᠲᠠᠷᠬᠠᠨ ᠠᠶᠠᠯᠠᠯ ᠪᠣᠯᠬᠤ ᠶᠣᠮ᠃ | 43. ᠡᠬᠡ ᠶᠢᠨ ᠬᠠᠶᠢᠷ᠎ᠠ ᠪᠣᠯ ᠮᠢᠨᠦ ᠨᠠᠰᠣᠨ ᠲᠣᠷᠰᠢ ᠣᠩᠰᠢᠨ ᠲᠠᠭᠤᠰᠣᠰᠢ ᠦᠭᠡᠢ ᠠᠪᠣᠷᠭᠤ ᠪᠦᠳᠦᠭᠡᠯ | ᠪᠣᠯᠬᠤ ᠪᠦᠭᠡᠳ ᠮᠢᠨᠦ ᠦᠨᠢ ᠡᠭᠦᠷᠢᠳᠡ ᠨᠢᠰᠣᠨ ᠲᠣᠭᠤᠯᠣᠰᠢ ᠦᠭᠡᠢ ᠲᠡᠭᠷᠢ ᠮᠦᠨ᠃ | 44. ᠶᠣᠰᠣ ᠰᠣᠷᠳᠠᠬᠤᠨ ᠲᠠᠢ ᠬᠦᠮᠦᠨ ᠬᠡᠳᠦᠢ ᠪᠠᠷ ᠡᠳ᠋ ᠮᠦᠩᠬᠦ ᠦᠭᠡᠢ ᠪᠣᠯᠪᠠᠴᠣ ᠪᠣᠰᠣᠳ ᠲᠤ ᠮᠦᠨ | ᠯᠡ ᠬᠠᠶᠢᠷᠠᠯᠠᠨ ᠬᠦᠨᠳᠦᠳᠭᠡᠭᠳᠡᠳᠡᠭ᠃ ᠨᠢᠭᠡᠨ ᠠᠪᠣᠷᠭᠤ ᠠᠷᠰᠯᠠᠨ ᠬᠡᠳᠦᠢ ᠪᠠᠷ ᠨᠠᠮ ᠲᠣᠭᠤᠢ ᠬᠦᠳᠡᠯᠦᠯ ᠦᠭᠡᠢ | ᠣᠴᠣᠶᠢᠪᠠᠴᠣ ᠬᠦᠮᠦᠰ ᠮᠦᠨ ᠯᠡ ᠲᠡᠭᠦᠨ ᠠᠴᠠ ᠵᠢᠷᠦᠬᠡᠰᠢᠶᠡᠭᠡᠳ ᠪᠠᠶᠢᠳᠠᠭ᠃ ᠶᠣᠰᠣ ᠰᠣᠷᠳᠠᠬᠤᠨ ᠦᠭᠡᠢ ᠪᠠᠶᠠᠨ | ᠬᠦᠮᠦᠨ ᠬᠡᠳᠦᠢ ᠪᠠᠷ ᠡᠳ᠋ ᠮᠦᠩᠬᠦ ᠬᠡᠳᠦᠨ ᠰᠠᠶ᠎ᠠ ᠪᠠᠶᠢᠭᠰᠠᠨ ᠴᠦ ᠬᠦᠮᠦᠰ ᠪᠠᠰᠣᠮᠵᠢᠯᠠᠨ ᠦᠵᠡᠬᠦ ᠠᠴᠠ ᠵᠠᠶᠢᠯᠠᠵᠣ | ᠴᠢᠳᠠᠰᠢ ᠦᠭᠡᠢ ᠶᠣᠮ︔ ᠨᠢᠭᠡᠨ ᠨᠣᠬᠠᠢ ᠳᠤ ᠠᠯᠳᠠ ᠮᠦᠩᠭᠦᠨ ᠤ ᠵᠢᠮᠰᠡᠭ ᠵᠡᠭᠦᠯᠭᠡᠭᠰᠡᠨ ᠴᠦ ᠶᠠᠭᠠᠬᠢᠭᠰᠠᠨ ᠴᠦ | ᠬᠦᠮᠦᠨ ᠤ ᠬᠦᠨᠳᠦᠳᠭᠡᠯ ᠢ ᠣᠯᠵᠣ ᠲᠡᠶᠢᠯᠦᠰᠢ ᠦᠭᠡᠢ ᠶᠣᠮ᠃ ᠬᠦᠮᠦᠨ ᠵᠦᠪᠬᠡᠨ ᠵᠢᠳᠬᠦᠨ ᠴᠢᠷᠮᠠᠶᠢᠪᠠᠯ ᠰᠠᠶ᠋ᠢ | ᠵᠣᠯ ᠵᠢᠷᠭᠠᠯ ᠠᠶᠠᠨᠳᠠᠭᠠᠨ ᠬᠦᠷᠴᠦ ᠢᠷᠡᠨ᠎ᠡ᠃ ᠶᠠᠭ ᠯᠡ ᠣᠰᠣ ᠣᠷᠣᠭᠤ ᠭᠠᠵᠠᠷ ᠠᠶᠠᠨᠳᠠᠭᠠᠨ ᠣᠷᠣᠰᠬᠤ ᠲᠠᠢ | ᠠᠳᠠᠯᠢ ᠠᠵᠠᠢ᠃ ᠣᠶᠣᠨ ᠣᠬᠠᠭᠠᠨ᠂ ᠭᠠᠪᠢᠶ᠎ᠠ ᠵᠢᠳᠬᠦᠯ ᠰᠠᠶ᠋ᠢ ᠵᠢᠩᠬᠢᠨᠢ ᠡᠳ᠋ ᠬᠦᠷᠦᠩᠭᠡ ᠮᠦᠨ᠃ | 45. ᠬᠡᠷᠪᠡ ᠠᠮᠵᠢᠯᠳᠠ ᠣᠯᠣᠶ᠎ᠠ ᠭᠡᠪᠡᠯ ᠪᠠᠳᠣ ᠵᠣᠷᠢᠭ ᠢᠶᠠᠷ ᠬᠠᠨᠢ ᠪᠣᠯᠭᠠᠵᠣ᠂ ᠲᠣᠷᠰᠢᠯᠭ᠎ᠠ ᠪᠠᠷ ᠵᠦᠪᠯᠡᠭᠴᠢ | ᠬᠢᠵᠦ᠂ ᠰᠡᠷᠡᠮᠵᠢ ᠪᠠᠷ ᠠᠬ᠎ᠠ ᠲᠡᠭᠦᠦ ᠪᠣᠯᠭᠠᠨ᠂ ᠡᠷᠡᠮᠡᠯᠵᠡᠯ ᠢᠶᠠᠷ ᠬᠠᠷᠠᠭᠤᠯ ᠪᠣᠯᠭᠠᠬᠤ ᠬᠡᠷᠡᠭᠳᠡᠢ᠃ | 46. ᠨᠢᠭᠡᠨ ᠠᠮᠢᠳᠠᠨ ᠤ ᠰᠣᠳᠣᠯᠣᠭᠴᠢ ᠠᠹᠷᠢᠺᠠ ᠲᠢᠪ ᠤᠨ ᠨᠢᠭᠡᠨ ᠮᠦᠷᠡᠨ ᠤ ᠬᠤᠶᠠᠷ ᠬᠦᠪᠡᠭᠡ ᠪᠠᠷ | ᠠᠮᠢᠳᠠᠨ ᠤ ᠰᠣᠳᠣᠯᠣᠯ ᠬᠢᠬᠦ ᠶᠠᠪᠣᠴᠠ ᠳᠤ ᠨᠢᠭᠡᠨ ᠬᠠᠴᠢᠨ ᠦᠵᠡᠭᠳᠡᠯ ᠢ ᠢᠯᠡᠷᠡᠭᠦᠯᠪᠡ᠄ ᠮᠦᠷᠡᠨ ᠤ ᠵᠡᠭᠦᠨ ᠲᠠᠯ᠎ᠠ | ᠳᠤ ᠠᠮᠢᠳᠣᠷᠠᠵᠣ ᠪᠠᠶᠢᠭ᠎ᠠ ᠪᠦᠭᠦᠩ ᠢ ᠮᠦᠷᠡᠨ ᠤ ᠪᠠᠷᠠᠭᠤᠨ ᠲᠠᠯ᠎ᠠ ᠳᠤ ᠠᠮᠢᠳᠣᠷᠠᠵᠣ ᠪᠠᠶᠢᠭ᠎ᠠ ᠪᠦᠭᠦᠩ ᠲᠠᠢ | ᠬᠠᠷᠢᠴᠠᠭᠤᠯᠪᠠᠯ᠂ ᠦᠷᠡᠵᠢᠯ ᠤᠨ ᠴᠢᠳᠠᠪᠣᠷᠢ ᠰᠠᠶᠢᠨ ᠪᠦᠭᠡᠳ ᠭᠦᠶᠦᠬᠦ ᠴᠢᠳᠠᠪᠣᠷᠢ ᠨᠢ ᠴᠦ ᠴᠢᠩᠭ᠎ᠠ ᠪᠠᠶᠢᠳᠠᠭ᠃ | ᠲᠡᠭᠡᠭᠡᠳ ᠲᠣᠰ ᠰᠣᠳᠣᠯᠣᠭᠴᠢ ᠠᠴᠠ ᠣᠴᠢᠷ ᠢ ᠨᠢ ᠣᠯᠬᠤ ᠪᠠᠷ ᠲᠣᠷᠰᠢᠯᠳᠠ ᠬᠢᠭᠰᠡᠨ ᠪᠠᠶᠢᠨ᠎ᠠ᠃ ᠮᠦᠷᠡᠨ ᠤ | ᠬᠤᠶᠠᠷ ᠲᠠᠯ᠎ᠠ ᠶᠢᠨ ᠪᠦᠬᠦᠩ ᠢ ᠲᠣᠰ ᠲᠣᠰ ᠠᠷᠪᠠ ᠪᠠᠷᠢᠵᠣ ᠬᠠᠷᠢᠯᠴᠠᠨ ᠣᠷᠣᠨ ᠢ ᠨᠢ ᠰᠣᠯᠢᠭᠰᠠᠨ ᠪᠠᠶᠢᠨ᠎ᠠ᠃ | ᠨᠢᠭᠡ ᠵᠢᠯ ᠤᠨ ᠲᠠᠷᠠᠭ᠎ᠠ ᠪᠠᠷᠠᠭᠤᠨ ᠲᠠᠯ᠎ᠠ ᠳᠤ ᠬᠦᠷᠭᠡᠭᠳᠡᠭᠰᠡᠨ ᠪᠦᠭᠦᠩ 14 ᠪᠣᠯᠣᠨ ᠦᠷᠡᠵᠢᠪᠡ᠃ ᠵᠡᠭᠦᠨ ᠲᠠᠯ᠎ᠠ | ᠳᠤ ᠬᠦᠷᠭᠡᠭᠳᠡᠭᠰᠡᠨ ᠪᠦᠭᠦᠩ ᠬᠠᠷᠢᠨ ᠭᠤᠷᠪᠠᠭ᠋ᠠᠨ ᠲᠣᠯᠣᠭᠠᠢ ᠦᠯᠡᠳᠡᠵᠦ ᠪᠣᠰᠣᠳ ᠨᠢ ᠪᠦᠷ ᠴᠢᠨ᠋ᠸ᠎ᠠ ᠶᠢᠨ ᠢᠳᠡᠰᠢ | ᠪᠣᠯᠣᠭᠰᠠᠨ ᠪᠠᠶᠢᠨ᠎ᠠ᠃ ᠣᠨᠢᠰᠤᠭ᠎ᠠ ᠢᠩᠬᠢᠭᠡᠳ ᠲᠠᠶᠢᠯᠣᠭᠳᠠᠪᠠ᠄ ᠮᠦᠷᠡᠨ ᠤ ᠵᠡᠭᠦᠨᠳᠡᠬᠢ ᠪᠦᠬᠦᠩ ᠴᠢᠬᠢᠷᠠᠭ | ᠢᠳᠡᠷᠡᠬᠦᠨ ᠪᠠᠶᠢᠳᠠᠭ ᠨᠢ ᠲᠡᠳᠡᠨ ᠤ ᠬᠠᠪᠢ ᠪᠠᠷ ᠨᠢᠭᠡ ᠰᠦᠷᠦᠭ ᠴᠢᠨ᠋ᠸ᠎ᠠ ᠠᠮᠢᠳᠣᠷᠠᠵᠣ ᠪᠠᠶᠢᠳᠠᠭ᠃ ᠡᠶᠢᠮᠦ ᠠᠴᠠ | ᠲᠡᠳᠡ ᠠᠮᠢ ᠵᠢᠭᠤᠬᠤ ᠭᠡᠪᠡᠯ ᠵᠠᠪᠠᠯ ᠴᠢᠨ᠋ᠸ᠎ᠠ ᠲᠠᠢ ᠦᠷᠢᠰᠦᠯᠳᠦᠬᠦ ᠬᠡᠷᠡᠭᠳᠡᠢ᠃ ᠢᠩᠬᠢᠬᠦ ᠪᠠᠷ ᠲᠡᠳᠡ ᠲᠡᠮᠡᠴᠡᠬᠦ | ᠲᠣᠳᠣᠮ ᠠᠮᠢᠵᠢᠷᠠᠯ ᠤᠨ ᠬᠦᠴᠦᠨ ᠲᠠᠢ ᠪᠣᠯᠳᠠᠭ᠃ ᠮᠦᠷᠡᠨ ᠤ ᠪᠠᠷᠠᠭᠤᠨᠳᠡᠬᠢ ᠪᠦᠬᠦᠩ ᠶᠠᠭ ᠯᠡ ᠡᠰᠡᠷᠬᠦ ᠪᠠᠶᠢᠵᠣ | ᠲᠠᠶᠢᠰᠣᠨ ᠡᠳᠡᠭᠡᠳ ᠲᠣᠳᠠᠭᠳᠠᠨ᠂ ᠣᠷᠣᠰᠢᠨ ᠲᠣᠭᠳᠠᠨᠢᠬᠤ ᠴᠢᠳᠠᠪᠣᠷᠢ ᠪᠠᠨ ᠠᠯᠳᠠᠨ ᠠᠮᠢᠳᠣᠷᠠᠬᠤ ᠲᠣᠳᠣᠮ | ᠲᠣᠷᠣᠢ ᠪᠠᠭᠤᠷᠠᠢ ᠪᠣᠯᠳᠠᠭ ᠠᠵᠠᠢ᠃ | 47. ᠡᠩ ᠤᠨ ᠶᠠᠭᠤᠮᠠᠨ ᠳᠤ ᠭᠠᠶᠢᠬᠠᠮᠰᠢᠭᠳᠠᠢ ᠰᠢᠨᠵᠢ ᠴᠢᠨᠠᠷ ᠤᠨ ᠶᠠᠭᠤᠮ᠎ᠠ ᠠᠬᠤᠭᠤᠯᠵᠣ ᠪᠠᠶᠢᠳᠠᠭ᠃ | 48. ᠬᠦᠯ ᠤᠨ ᠴᠦᠪᠦᠷᠢᠭᠦᠦ ᠶᠢ ᠥᠪᠡᠷ ᠢᠶᠠᠨ ᠶᠠᠪᠣᠵᠣ ᠪᠠᠶᠢᠭᠠᠳ ᠣᠯᠣᠭᠰᠠᠨ ᠶᠣᠮ᠃ ︵ᠣᠰᠣᠯ | ᠪᠣᠷᠣᠭᠤ ᠶᠢ ᠥᠪᠡᠷ ᠢᠶᠠᠨ ᠰᠡᠳᠦᠭᠰᠡᠨ︶ | 49. ᠠᠷᠪᠢᠯᠠᠨ ᠭᠠᠮᠨᠠᠬᠤ ᠪᠣᠯ ᠦᠨᠢ ᠡᠭᠦᠷᠢᠳᠡ ᠶᠢᠨ ᠨᠢᠭᠡ ᠵᠦᠢᠯ ᠤᠨ ᠡᠷᠬᠢᠮ ᠰᠣᠷᠳᠠᠯ ᠪᠣᠯᠣᠨ᠎ᠠ᠃ ᠡᠨᠡ | ᠪᠣᠯ ᠬᠤᠪᠢᠷᠠᠰᠢ ᠦᠭᠡᠢ ᠨᠣᠮ | 50. ᠪᠠᠷᠢᠮᠲᠠᠯᠠᠯ ᠪᠣᠯ ᠠᠮᠵᠢᠯᠳᠠ ᠶᠢᠨ ᠪᠠᠳᠣᠯᠠᠭ᠎ᠠ᠃ ︽ᠠᠭᠠᠯᠵᠢ ᠶᠠᠭᠠᠬᠢᠭᠠᠳ ᠨᠢᠰᠴᠣ ᠴᠢᠳᠠᠬᠤ ᠦᠭᠡᠢ | ᠪᠠᠶᠢᠭᠠᠳ ᠬᠡᠢ ᠲᠡᠭᠡᠭᠦᠷ ᠲᠡᠭᠳᠡᠬᠦ ᠪᠣᠢ︖︾ ᠭᠡᠬᠦ ᠬᠦᠦ ᠶᠢᠨ ᠢᠶᠠᠨ ᠠᠰᠠᠭᠤᠯᠳᠠ ᠪᠠᠷ ᠣᠴᠢᠷᠯᠠᠨ ᠠᠵᠢᠭᠯᠠᠯᠳᠠ | ᠬᠢᠵᠠᠢ᠃ ᠲᠡᠭᠡᠭᠰᠢ ᠲᠣᠭᠤᠭᠰᠢ ᠮᠦᠯᠬᠦᠵᠦ ᠬᠤᠶᠠᠷ ᠣᠳᠠᠰᠣ ᠲᠠᠳᠠᠳᠠᠯ᠎ᠠ ᠬᠠᠭᠠᠰ ᠴᠠᠭ ᠣᠷᠣᠨ᠎ᠠ᠃ ᠁ | ᠮᠦᠯᠬᠦᠵᠦ ᠶᠠᠪᠣᠳᠠᠭ ᠠᠭᠠᠯᠵᠢ ᠪᠦᠳᠦᠭᠰᠡᠨ ᠲᠣᠣᠷ ᠤᠨ ᠢᠶᠠᠨ ᠲᠡᠭᠡᠭᠦᠷ ᠨᠢᠰᠬᠦ ᠮᠡᠳᠦ ᠪᠣᠯᠴᠢᠬᠠᠳᠠᠭ᠃ |