71. ᠴᠠᠭ ᠪᠣᠯ ᠠᠭᠤᠣ ᠶᠡᠭᠡ ᠵᠣᠬᠢᠶᠠᠯᠴᠢ᠂ ᠢᠷᠡᠭᠡᠳᠦᠢ ᠶᠢᠨ ᠳ᠋ᠦᠩ ᠢ ᠲᠡᠷᠡ ᠪᠢᠴᠢᠭᠯᠡᠳᠡᠭ᠃ ︵ᠽᠠᠪᠯᠢᠨ | ᠤ ᠦᠭᠡ ᠠᠴᠠ︶ | 72. ᠬᠦᠮᠦᠨ ᠮᠠᠷᠳᠠᠮᠠᠳᠠᠭᠠᠢ ᠪᠣᠯᠬᠤᠷ ᠦᠩᠭᠡᠷᠡᠭᠰᠡᠨ ᠵᠣᠪᠠᠯᠠᠩ ᠠᠴᠠ ᠪᠠᠨ ᠠᠩᠬᠢᠵᠢᠷᠠᠳᠠᠭ᠃ ᠮᠦᠨ | ᠮᠠᠷᠳᠠᠮᠠᠳᠠᠭᠠᠢ ᠪᠣᠯᠬᠤᠷ ᠣᠷᠢᠳᠣᠬᠢ ᠬᠦᠮᠦᠰ ᠤᠨ ᠠᠯᠳᠠᠭ᠎ᠠ ᠶᠢ ᠲᠠᠬᠢᠨ ᠭᠠᠷᠭᠠᠳᠠᠭ᠃ | 73. ᠬᠤᠪᠢ ᠵᠠᠶᠠᠭ᠎ᠠ ᠪᠣᠯ ᠴᠢᠨᠦ ᠦᠭᠡᠳᠡ ᠠᠴᠠ ᠬᠢᠳᠤᠭ᠎ᠠ ᠬᠠᠶᠠᠵᠣ ᠦᠭᠳᠡᠭ᠂ ᠵᠠᠷᠢᠮ ᠬᠦᠮᠦᠨ ᠢᠷ ᠠᠴᠠ | ᠨᠢ ᠠᠳᠬᠤᠳᠠᠭ᠂ ᠵᠠᠷᠢᠮ ᠬᠦᠮᠦᠨ ᠡᠰᠢ ᠠᠴᠠ ᠨᠢ ᠠᠳᠬᠤᠵᠣ ᠵᠠᠮ ᠨᠡᠭᠡᠭᠡᠵᠦ ᠭᠠᠷᠳᠠᠭ᠃ | 74. ᠰᠢᠨ᠎ᠡ ᠶᠢ ᠡᠭᠦᠳᠬᠦ ᠭᠡᠪᠡᠯ ᠡᠷᠬᠡᠪᠰᠢ ᠬᠠᠭᠤᠴᠢᠨ ᠠᠴᠠ ᠰᠢᠯᠢᠬᠦ ᠬᠡᠷᠡᠭᠳᠡᠢ᠃ | 75. ᠪᠠᠯᠴᠢᠷ ᠪᠠᠭ᠎ᠠ ᠨᠠᠰᠣᠨ ᠠᠴᠠ ᠪᠠᠨ ᠡᠬᠢᠯᠡᠨ ᠮᠦᠷᠦᠭᠡᠳᠦᠯ ᠲᠠᠢ ᠪᠣᠯᠬᠤ ᠰᠠᠶᠢᠬᠠᠨ᠂ ᠬᠦᠮᠦᠨ ᠤ | ᠮᠦᠷᠦᠭᠡᠳᠦᠯ ᠬᠦᠮᠦᠨ ᠢ ᠬᠦᠳᠦᠯᠳᠡᠭ᠃ ᠮᠦᠷᠦᠭᠡᠳᠦᠯ ᠪᠡᠶᠡᠯᠡᠬᠦ ᠪᠣᠢ᠂ ᠦᠭᠡᠢ ᠴᠦ ᠪᠣᠢ᠂ ᠡᠴᠦᠰ ᠤᠨ ᠡᠴᠦᠰ ᠲᠤ | ᠪᠠᠭ᠎ᠠ ᠨᠠᠰᠣᠨ ᠤ ᠶᠠᠮᠠᠷ ᠨᠢᠭᠡᠨ ᠬᠡᠮᠵᠢᠶ᠎ᠡ ᠪᠠᠷ ᠵᠠᠪᠠᠯ ᠪᠡᠶᠡᠯᠡᠭᠰᠡᠨ ᠪᠠᠶᠢᠳᠠᠭ᠃ ᠬᠤᠵᠢᠮ ᠡᠷᠬᠢᠵᠦ ᠰᠠᠨᠠᠬᠤ ᠳᠤ | ᠬᠦᠮᠦᠨ ᠤ ᠲᠣᠷᠠᠳᠬᠠᠯ ᠤᠨ ᠰᠡᠳᠦᠪ ᠪᠣᠯᠵᠣ ᠰᠠᠶᠢᠬᠠᠨ ᠵᠢᠷᠭᠠᠯ ᠡᠳ᠋ᠯᠡᠭᠦᠯᠳᠡᠭ᠃ ᠡᠶᠢᠮᠦ ᠣᠴᠢᠷ ᠠᠴᠠ ᠪᠢ | ᠬᠡᠦᠬᠡᠳ ᠪᠠᠭᠠᠴᠣᠳ ᠲᠤ ᠬᠠᠨᠳᠣᠵᠣ᠄ ᠮᠦᠷᠦᠭᠡᠳᠴᠡᠭᠡ︕ ᠮᠦᠷᠦᠭᠡᠳᠦᠯ ᠭᠡᠳᠡᠭ ᠲᠡᠮᠡᠦᠯᠦᠯ᠂ ᠲᠡᠮᠡᠦᠯᠣᠯ ᠬᠦᠮᠦᠨ | ᠢ ᠵᠠᠪᠠᠯ ᠣᠷᠣᠭᠰᠢ ᠨᠢ ᠬᠦᠳᠦᠯᠳᠡᠭ ᠶᠣᠮ᠃ ᠮᠦᠷᠦᠭᠡᠳᠴᠡᠭᠡ︕ ᠬᠡᠦᠬᠡᠳ ᠡ︕ ︵ᠪ᠊᠂ ᠶᠠᠪᠣᠭᠤᠬᠤᠯᠠᠨ ᠤ | ᠦᠭᠡ ᠠᠴᠠ︶ | 76. ᠨᠢᠭᠡ ᠣᠯᠣᠰ ᠤᠨGDP ᠬᠦᠮᠦᠨ ᠪᠦᠷᠢ ᠶᠢᠨ ᠨᠣᠭᠳᠠᠯ ᠨᠢ 1000 — 3000 ᠲᠦᠭᠦᠷᠢᠭ | ᠬᠦᠷᠪᠡᠯ ᠬᠤᠶᠠᠷ ᠵᠦᠢᠯ ᠤᠨ ᠶᠠᠭᠤᠮ᠎ᠠ ᠶᠢ ᠠᠪᠴᠢᠷᠠᠨ᠎ᠠ᠄ ᠠᠵᠣ ᠠᠬᠤᠢ ᠶᠢᠨ ᠰᠠᠷᠠᠭᠤᠯ ᠵᠠᠮ ᠢ ᠨᠡᠭᠡᠭᠡᠨ᠎ᠡ︔ | ᠨᠡᠶᠢᠭᠡᠮ ᠤᠨ ᠣᠯᠠᠨ ᠵᠦᠷᠢᠴᠡᠯ ᠢ ᠪᠣᠢ ᠪᠣᠯᠭᠠᠨ᠎ᠠ᠃ ︵ᠷᠠᠰᠢᠳᠣᠩᠷᠣᠪ ᠤᠨ ᠦᠭᠡ ᠠᠴᠠ︶ | 77. ᠬᠠᠷᠠᠭ᠎ᠠ ᠪᠠᠶᠢᠪᠠᠯ ᠬᠠᠷᠭᠤᠢ ᠪᠠᠶᠢᠨ᠎ᠠ᠃ | 78. ᠢᠷᠡᠭᠡᠳᠦᠢ ᠳᠤ ᠰᠣᠷᠭᠠᠭᠤᠯᠢ ᠨᠠᠳᠠ ᠪᠠᠷ ᠣᠮᠣᠭᠰᠢᠯ ᠪᠣᠯᠭᠠᠨ᠎ᠠ᠃ | 79. ᠬᠦᠰᠡᠯᠡᠩ ᠢᠶᠠᠨ ᠪᠡᠶᠡᠯᠡᠭᠦᠯᠬᠦ ᠶᠢᠨ ᠲᠦᠯᠦᠭᠡ ᠬᠦᠯᠦᠰᠦ ᠣᠷᠣᠰᠬᠠᠬᠤ ᠪᠣᠯ ᠲᠠᠶᠢᠨ ᠤ ᠲᠠᠯᠠᠪᠣᠷ ᠲᠤ | ᠴᠢᠰᠣ ᠣᠷᠣᠰᠬᠠᠬᠤ ᠲᠠᠢ ᠡᠭᠡᠭᠡ ᠠᠳᠠᠯᠢᠬᠠᠨ ᠦᠨ᠎ᠡ ᠦᠷᠳᠡᠭ ᠲᠠᠢ ᠶᠣᠮ᠃ | 80. ᠨᠡᠶᠢᠭᠡᠮ ᠵᠦᠪᠬᠡᠨ ᠦᠷ᠎ᠡ ᠳ᠋ᠦᠩ ᠢ ᠴᠢᠨᠢ ᠦᠵᠡᠬᠦ ᠪᠣᠯᠪᠠᠴᠣ ᠦᠪᠡᠷ ᠲᠤ ᠪᠠᠨ ᠶᠠᠪᠣᠴᠠ ᠶᠢ | ᠠᠩᠬᠠᠷᠬᠤ ᠬᠡᠷᠡᠭᠳᠡᠢ᠃ |