ᠠᠮᠢᠲᠤᠷᠠᠯ ᠪᠠᠷᠠᠭᠲᠠᠭᠰᠠᠨ ᠪᠠ ᠡᠮ᠂ ᠵᠠᠰᠠᠯ᠂ ᠢᠲᠡᠭᠡᠨ ᠶᠠᠪᠤᠲᠠᠯ ᠮᠦᠷ ᠤᠨ ᠬᠤᠵᠢᠮᠲᠠᠭᠰᠠᠨ᠂ | ᠲᠤᠲᠠᠭᠤᠲᠠᠭᠰᠠᠨ᠂ ᠪᠤᠷᠤᠭᠤᠲᠠᠭᠰᠠᠨ ᠢᠶᠠᠷ ᠮᠠᠬᠠᠪᠤᠳ ᠲᠠᠮᠢᠷ ᠬᠢᠮᠤᠷᠠᠯᠲᠤᠵᠤ ᠬᠠᠷᠢᠯᠴᠠᠨ ᠲᠠᠶᠢᠰᠤᠩᠨᠠᠨ᠂ ᠡᠪᠡᠳᠴᠢᠨ | ᠬᠦᠨᠲᠦᠷᠡᠭᠡᠳ ᠶᠡᠷᠤᠨᠲᠡᠭ ᠦᠯᠦ ᠲᠤᠰᠠᠯᠠᠵᠤ ᠠᠮᠢ ᠨᠠᠰᠤ ᠶᠢ ᠬᠦᠨᠦᠭᠡᠬᠦ ᠶᠢᠰᠤᠨ ᠵᠤᠶᠢᠯ ᠤᠨ ᠪᠠᠶᠢᠲᠠᠯ ᠢ ᠬᠡᠯᠡᠨ᠎ᠡ᠃ | ᠪᠠᠰᠠ ︽ᠠᠮᠢ ᠶᠢ ᠲᠠᠰᠤᠯᠬᠤ ᠶᠢᠰᠤᠨ ᠡᠪᠡᠳᠴᠢᠨ︾ ᠭᠡᠲᠡᠭ᠃ | 1᠂ ᠨᠠᠰᠤᠨ ᠤ ᠲᠤᠶᠢᠯ ᠳᠤ ᠬᠦᠷᠦᠭᠰᠡᠨ ᠢᠶᠠᠷ ᠠᠮᠢᠲᠤᠷᠠᠯ ᠪᠠᠷᠠᠭᠲᠠᠬᠤ᠃ | 2᠂ ᠬᠠᠯᠠᠭᠤᠨ ᠡᠪᠡᠳᠴᠢᠨᠤᠷᠬᠢᠯ ᠠᠴᠠ ᠲᠠᠪᠠᠭᠰᠠᠨ ᠳᠤ ᠬᠦᠢᠲᠡᠨ ᠰᠡᠷᠢᠭᠦᠨ ᠶᠡᠷᠤᠨᠲᠡᠭ ᠢᠶᠠᠷ ᠡᠪᠡᠳᠴᠢᠨ | ᠤ ᠬᠤᠤᠷ ᠢ ᠲᠠᠷᠤᠭᠰᠠᠨ ᠴᠦ ᠡᠪᠡᠳᠴᠢᠲᠡᠨ ᠤ ᠠᠮᠢ ᠨᠠᠰᠤ ᠶᠢ ᠦᠬᠦᠯ ᠠᠴᠠ ᠠᠪᠤᠷᠠᠵᠤ ᠴᠢᠲᠠᠬᠤ ᠦᠭᠡᠢ | ᠪᠤᠯᠤᠭᠰᠠᠨ᠃ | 3᠂ ᠬᠦᠢᠲᠡᠨ ᠤ ᠢᠷᠤᠭᠠᠷ ᠲᠤ ᠵᠢᠪᠦᠭᠰᠡᠨ ᠦᠶ᠎ᠡ ᠳᠤ ᠮᠠᠬᠠᠪᠤᠳ ᠬᠢᠮᠤᠷᠠᠯᠲᠤᠵᠤ᠂ ᠲᠠᠮᠢᠷ ᠭᠬᠢᠷ ᠢ | ᠴᠠᠷᠴᠠᠭᠠᠭᠰᠠᠨ᠃ | 4᠂ ᠴᠠᠭ ᠠᠴᠠ ᠦᠩᠭᠡᠷᠡᠭᠰᠡᠨ ᠬᠡᠢ ᠡᠪᠡᠳᠴᠢᠨ ᠠᠮᠢ ᠶᠢᠨ ᠰᠢᠲᠦᠭᠡᠨ ᠢ ᠲᠠᠰᠤᠯᠬᠤ᠃ | 5᠂ ᠲᠠᠮᠢᠷ ᠢᠶᠠᠷ ᠦᠯᠦ ᠴᠢᠲᠠᠬᠤ— ᠡᠪᠡᠳᠴᠢᠨ ᠤ ᠬᠤᠤᠷ ᠨᠢ ᠪᠡᠶ᠎ᠡ ᠶᠢᠨ ᠲᠠᠮᠢᠷ ᠲᠤ ᠰᠢᠨᠤᠭᠰᠠᠨ ᠪᠤᠶᠤ | ᠲᠠᠮᠢᠷ ᠲᠤᠷᠤᠶᠢᠲᠠᠭᠰᠠᠨ ᠠᠴᠠ ᠲᠠᠮᠢᠷ ᠨᠢ ᠡᠮ ᠵᠠᠰᠠᠯ ᠢ ᠲᠠᠭᠠᠭᠠᠬᠤ ᠦᠭᠡᠢ ᠪᠤᠯᠤᠭᠰᠠᠨ᠃ | 6᠂ ᠨᠠᠶᠢᠷᠠᠯᠭ᠎ᠠ ᠨᠢ ᠠᠲᠠᠯᠢ ᠪᠤᠯᠤᠭᠰᠠᠨ ᠬᠠᠯᠠᠭᠤᠨ ᠬᠦᠢᠲᠡᠨ ᠡᠪᠡᠳᠴᠢᠨ ᠬᠠᠮᠲᠤ ᠲᠤᠰᠴᠦ᠂ ᠨᠢᠭᠡ ᠶᠢ ᠨᠢ | ᠵᠠᠰᠠᠬᠤ ᠳᠤ ᠨᠦᠬᠦᠭᠡ ᠡᠪᠡᠳᠴᠢᠨ ᠤ ᠬᠦᠴᠦᠨ ᠨᠢ ᠶᠡᠬᠡᠳᠬᠦ ᠲᠤᠯᠠ ᠶᠡᠷᠤᠨᠲᠡᠭ ᠪᠦᠬᠦᠨ ᠢ ᠠᠪᠬᠤ ᠦᠭᠡᠢ | ᠪᠤᠯᠤᠭᠰᠠᠨ᠃ | 7᠂ ᠤᠨᠢᠰᠤᠨ ᠳᠤ ᠪᠠᠭᠤᠬᠤ— ᠪᠡᠷᠭᠡ ᠤᠨᠢᠰᠤᠨ ᠳᠤ ᠮᠠᠰᠠ ᠲᠤᠰᠴᠦ ᠠᠮᠢ ᠶᠢ ᠬᠤᠤᠷᠯᠠᠬᠤ ᠪᠤᠶᠤ ᠠᠮᠢᠨ | ᠰᠤᠲᠠᠯ ᠢ ᠲᠠᠰᠤᠯᠬᠤ᠃ | 8᠂ ᠵᠤᠶᠢᠯ ᠢᠶᠠᠷ ᠬᠦᠨᠦᠭᠡᠭᠲᠡᠬᠦ— ᠭᠡᠨᠡᠳᠲᠡ ᠶᠢᠨ ᠨᠦᠬᠦᠴᠡᠯ ᠢᠶᠠᠷ ᠪᠡᠶ᠎ᠡ ᠳᠤ ᠮᠠᠰᠠ ᠲᠤᠰᠬᠤ᠂ ᠮᠠᠰᠢᠨ | ᠳᠤ ᠲᠠᠭᠠᠷᠢᠭᠲᠠᠬᠤ ᠵᠡᠷᠭᠡ ᠪᠠᠷ ᠴᠢᠬᠤᠯᠠ ᠡᠷᠭᠡᠲᠡᠨ ᠨᠢ ᠬᠦᠨᠦᠭᠡᠭᠲᠡᠭᠰᠡᠨ᠃ | 9᠂ ᠮᠠᠬᠠᠪᠤᠳ ᠲᠠᠶᠢᠰᠤᠨ ᠳᠤ ᠪᠠᠭᠤᠬᠤ— ᠬᠠᠯᠠᠭᠤᠨ ᠬᠦᠢᠲᠡᠨ ᠨᠢᠭᠡᠨ ᠴᠠᠭ ᠲᠤ ᠵᠡᠷᠭᠡ ᠪᠠᠷ ᠲᠤᠲᠤᠷ | ᠮᠠᠬᠠᠪᠤᠳ ᠢ ᠲᠤᠲᠤᠷ ᠮᠠᠬᠠᠪᠤᠳ ᠢ ᠬᠠᠷᠢᠯᠴᠠᠨ ᠬᠢᠮᠤᠷᠠᠯᠳᠤᠭᠤᠯᠤᠭᠰᠠᠨ ᠠᠴᠠ ᠨᠢᠭᠡ ᠨᠢ ᠵᠠᠰᠠᠪᠠᠯ ᠨᠦᠬᠦᠭᠡ | ᠡᠪᠡᠳᠴᠢᠨ ᠤ ᠬᠦᠴᠦᠨ ᠨᠢ ᠶᠡᠬᠡᠳᠬᠦ ᠲᠤᠯᠠ ᠶᠡᠷᠤᠨᠲᠡᠭ ᠪᠦᠬᠦᠨ ᠢ ᠠᠪᠬᠤ ᠦᠭᠡᠢ ᠪᠤᠯᠤᠭᠰᠠᠨ᠃ |