ᠲᠤᠮ ᠰᠢᠪᠰᠢᠯᠬᠡ ᠪᠤᠯ ᠲᠡᠯᠡᠬᠡᠢ ᠳᠠᠬᠢᠨ ᠤ ᠦᠨᠳᠤᠰᠦᠳᠡᠨ ᠪᠦᠬᠦᠨ ᠳᠤ ᠲᠦᠬᠡᠮᠡᠯ ᠪᠠᠶᠢᠬᠰᠠᠨ ᠡᠷᠳᠡᠨ ᠠᠴᠠ | ᠡᠬᠦᠰᠦᠯ ᠲᠠᠢ ᠵᠠᠩ ᠤᠶᠢᠯᠡ ᠶᠤᠮ᠃ ᠮᠤᠩᠭᠤᠯᠴᠤᠳ ᠴᠦ ᠠᠳᠠᠯᠢᠬᠠᠨ ᠲᠤᠮ ᠰᠢᠪᠰᠢᠯᠬᠡ ᠶᠢᠨ ᠵᠠᠩ ᠤᠶᠢᠯᠡ ᠲᠠᠢ | ᠃ ᠮᠠᠨ ᠤ ᠡᠪᠦᠭᠡ ᠲᠡᠬᠡᠳᠤᠰ ᠦᠬᠡ ᠬᠡᠯᠡ ᠬᠢᠬᠡᠳ ᠤᠶᠢᠯᠡ ᠬᠦᠳᠡᠯᠤᠯ ᠤᠨ ᠷᠢᠳᠢ ᠰᠢᠳᠢ ᠳᠤ ᠢᠳᠡᠬᠡᠵᠦ ᠲᠤᠮ | ᠰᠢᠪᠰᠢᠯᠬᠡ ᠶᠢᠨ ᠵᠠᠩ ᠤᠶᠢᠯᠡ ᠶᠢ ᠬᠦᠶᠢᠴᠡᠳᠬᠡᠵᠦ ᠪᠠᠶᠢᠪᠠ ᠬᠡᠰᠡᠨ ᠲᠡᠮᠳᠡᠭᠯᠡᠯ ᠲᠠᠢ᠃ | ᠮᠤᠩᠭᠤᠯᠴᠤᠳ ᠲᠤᠮ ᠰᠢᠪᠰᠢᠯᠬᠡ ᠶᠢᠨ ᠰᠢᠳᠢ ᠬᠦᠴᠦᠨ ᠢᠶᠠᠷ ᠶᠠᠮᠠᠷ ᠨᠢᠬᠡᠨ ᠬᠤᠣᠷ ᠬᠦᠨᠦᠬᠡᠯ ᠢ | ᠵᠠᠶᠢᠯᠠᠭᠤᠯᠵᠦ ᠰᠢᠯᠵᠢᠬᠦᠯᠦᠨ ᠰᠠᠯᠭᠠᠬᠤ ᠢᠳᠡᠬᠡᠯ ᠪᠢᠰᠢᠷᠡᠯ ᠤᠨ ᠵᠠᠩ ᠤᠶᠢᠯᠡ ᠶᠢ ᠬᠦᠶᠢᠴᠡᠳᠬᠡᠵᠦ ᠪᠠᠶᠢᠵᠠᠢ᠃ ᠲᠤᠮ | ᠵᠠᠰᠠᠯ ᠪᠤᠯ ᠲᠤᠮ ᠰᠢᠪᠰᠢᠯᠬᠡ ᠶᠢᠨ ᠴᠢᠬᠤᠯᠠ ᠨᠢᠬᠡᠨ ᠢᠯᠡᠷᠡᠯ ᠪᠤᠯᠬᠤ ᠶᠤᠮ᠃ ᠲᠠᠷᠤᠢ ᠡᠪᠡᠳᠴᠢᠨ ᠡᠮᠬᠡᠭ ᠢ | ᠰᠢᠯᠵᠢᠬᠦᠯᠦᠨ ᠵᠠᠶᠢᠯᠠᠭᠤᠯᠬᠤ ᠪᠠᠷ ᠲᠤᠮ ᠬᠢᠵᠦ ᠰᠢᠪᠰᠢᠯᠬᠡ ᠶᠢᠨ ᠦᠬᠡ ᠬᠡᠯᠡᠬᠦ ᠶᠢ ᠵᠢᠭᠠᠵᠦ ᠪᠤᠢ᠃ | ᠮᠤᠩᠭᠤᠯᠴᠤᠳ ᠤᠨ ᠤᠯᠠᠮᠵᠢᠯᠠᠯᠳᠤ ᠵᠠᠰᠠᠯ ᠤᠨ ᠲᠤᠳᠤᠷ᠎ᠠ ᠲᠤᠮ ᠵᠠᠰᠠᠯ ᠪᠣᠯ ᠮᠠᠯᠴᠢᠳ ᠤᠨ ᠲᠤᠮᠳᠠ | ᠦᠷᠬᠡᠨ ᠬᠡᠪᠴᠢᠶ᠎ᠡ ᠪᠠᠷ ᠲᠠᠷᠬᠠᠨ ᠲᠡᠯᠬᠡᠷᠡᠭᠰᠡᠨ ᠨᠢᠬᠡ ᠵᠤᠶᠢᠯ ᠤᠨ ᠲᠦᠬᠦᠮ ᠵᠠᠰᠠᠯᠭ᠎ᠠ ᠶᠢᠨ ᠠᠷᠭ᠎ᠠ ᠪᠤᠯᠬᠤ ᠶᠤᠮ᠃ | ᠲᠡᠷᠡ ᠨᠢ ᠲᠤᠬᠠᠢ ᠶᠢᠨ ᠦᠶ᠎ᠡ ᠶᠢᠨ ᠨᠡᠬᠦᠳᠡᠯ ᠠᠮᠢᠳᠤᠷᠠᠯ᠂ ᠲᠠᠷᠬᠠᠢ ᠪᠤᠳᠠᠷᠬᠠᠢ ᠰᠠᠭᠤᠷᠢᠰᠢᠯ᠂ ᠪᠤᠶᠢᠳᠠ ᠪᠦᠭᠯᠡᠬᠦᠤ | ᠤᠷᠴᠢᠨ ᠲᠤᠭᠤᠷᠢᠨ᠂ ᠵᠠᠮ ᠬᠠᠷᠢᠯᠴᠠᠭ᠎ᠠ ᠲᠦᠬᠦᠮ ᠦᠬᠡᠢ᠂ ᠡᠮ ᠡᠮᠨᠡᠯᠬᠡ ᠬᠤᠴᠦᠷᠤᠩᠭᠤᠢ ᠪᠠᠶᠢᠳᠠᠯ ᠳᠤ | ᠲᠤᠬᠢᠷᠠᠳᠠᠭ ᠬᠡᠷᠡᠭᠯᠡᠬᠦ ᠳᠤ ᠲᠦᠬᠦᠮ ᠤᠶᠢᠯᠡᠳᠤᠯ ᠲᠦᠷᠬᠡᠨ᠂ ᠵᠠᠷᠤᠳᠠᠯ ᠪᠠᠭ᠎ᠠ ᠵᠠᠰᠠᠯᠭ᠎ᠠ ᠪᠤᠯᠬᠤ ᠶᠤᠮ᠃ | ᠤᠡᠭᠨᠢᠭᠤᠳ ᠨᠤᠳᠤᠭ ᠤᠨ ᠮᠤᠩᠭᠤᠯᠴᠤᠳ ᠤᠨ ᠲᠤᠮ ᠵᠠᠰᠠᠯ ᠢᠶᠠᠷ ᠦᠵᠡᠪᠡᠯ︔ ︽ᠤᠰᠤ ᠡᠷᠬᠢᠬᠦᠯᠬᠦ︾ | ᠲᠤᠮ ᠬᠡᠵᠦ ᠪᠠᠶᠢᠳᠠᠭ᠃ ᠪᠠᠭ᠎ᠠ ᠬᠡᠤᠬᠡᠳ ᠦᠳᠡᠰᠢ ᠪᠦᠷᠦᠢ ᠪᠠᠷ ᠭᠠᠳᠠᠬᠰᠢ ᠭᠠᠷᠤᠭᠠᠳ ᠠᠶᠤᠵᠦ ᠰᠤᠴᠢᠬᠰᠠᠨ | ᠠᠴᠠ ᠪᠤᠯᠵᠦ ᠤᠬᠢᠯᠠᠭᠠᠳ ᠵᠤᠬᠰᠤᠬᠤ ᠦᠬᠡᠢ ᠪᠠᠶᠢᠪᠠᠯ ᠡᠨᠡᠬᠦ ︽ᠤᠰᠤ ᠡᠷᠬᠢᠬᠦᠯᠬᠦ ᠲᠤᠮ︾ ᠢ ᠬᠢᠳᠡᠭ᠃ ᠲᠠᠷᠤᠢ | ᠵᠢᠵᠢᠭ ᠫᠢᠯᠠ ᠳᠤ ᠪᠠᠭ᠎ᠠ ᠬᠡᠮᠵᠢᠶᠡᠨ ᠤ ᠤᠰᠤ ᠬᠢᠵᠦ ᠠᠷᠢᠬᠢᠨ ᠬᠤᠪᠢᠡᠭ ᠲᠤᠳᠤᠷ᠎ᠠ ᠨᠢ ᠬᠦᠮᠦᠷᠢᠨ᠂ ᠬᠤᠪᠢᠡᠭ ᠤᠨ | ᠢᠷᠤᠭᠠᠷ ᠲᠡᠬᠡᠷ᠎ᠡ ᠴᠤᠭ ᠲᠠᠯᠪᠢᠵᠦ ︵ᠴᠠᠭᠠᠰᠤ ᠰᠢᠳᠠᠭᠠᠬᠰᠠᠨ ᠴᠦ ᠪᠤᠯᠤᠨ᠎ᠠ︶ ᠤᠰᠤ ᠠᠯᠢ ᠵᠦᠭ ᠲᠤ ᠪᠤᠴᠠᠯᠬᠤ ︵ | ᠬᠡᠢ ᠠᠯᠢ ᠵᠦᠭ ᠲᠤ ᠭᠠᠷᠬᠤ —— ᠬᠤᠪᠢᠡᠭ ᠳᠠᠬᠢ ᠬᠡᠢ ᠬᠠᠯᠠᠭᠠᠳ ᠫᠢᠯᠠ ᠳᠠᠬᠢ ᠤᠰᠤ ᠶᠢ ᠲᠦᠷᠢᠨ | ᠭᠠᠳᠠᠬᠰᠢᠯᠠᠬᠤ︶ ᠶᠢ ᠠᠩᠬᠠᠷᠤᠨ᠎ᠠ᠃ ᠲᠠᠷᠠᠭ᠎ᠠ ᠨᠢ ᠫᠢᠯᠠ ᠲᠠᠢ ᠤᠰᠤ ᠪᠠᠨ ᠤᠬᠢᠯᠠᠵᠤ ᠪᠠᠶᠢᠭ᠎ᠠ ᠬᠡᠤᠬᠡᠳ ᠤᠨ | ᠲᠤᠯᠤᠭᠠᠢ ᠲᠡᠬᠡᠬᠦᠷ ᠵᠦᠪ ᠢᠶᠠᠷ ᠭᠤᠷᠪᠠ ᠡᠷᠬᠢᠬᠦᠯᠵᠦ᠂ ᠪᠤᠷᠤᠭᠤ ᠪᠠᠷ ᠭᠤᠷᠪᠠ ᠡᠷᠬᠢᠬᠦᠯᠵᠦ᠂ ᠬᠡᠤᠬᠡᠳ ᠤᠨ | ᠤᠨᠳᠠᠳᠠᠭ ᠭᠠᠵᠠᠷ ᠤᠨ ᠲᠤᠯᠤᠭᠠᠢ ᠦᠵᠦᠬᠦᠷ ᠤᠨ ᠴᠢᠬᠢᠷᠰᠦᠨ ᠲᠤᠣᠷ᠎ᠠ ︵ᠢᠰᠡᠬᠡᠢ ᠰᠢᠷᠳᠡᠭ᠂ ᠲᠡᠪᠢᠰᠬᠡᠷ ᠲᠤᠣᠷ᠎ᠠ | ᠠᠴᠠ︶ ᠰᠢᠷᠤᠢ ᠪᠤᠶᠤ ᠬᠤᠭ ᠠᠴᠠ ᠠᠪᠴᠦ᠂ ᠬᠡᠷ ᠲᠤ ᠪᠠᠶᠢᠬᠤ ᠮᠢᠬ᠎ᠠ ᠢᠳᠡᠭᠡ ᠪᠤᠣᠪᠤ ᠪᠤᠭᠤᠷᠰᠤᠭ ᠵᠡᠷᠬᠡ ᠠᠯᠢ | ᠠᠮᠳᠠᠳᠠᠢ ᠵᠤᠶᠢᠯ ᠠᠴᠠ ᠠᠪᠴᠦ ᠭᠠᠷᠤᠨ ︽ᠤᠰᠤ ᠪᠤᠴᠠᠯᠤᠬᠰᠠᠨ︾ ᠵᠦᠭ ᠲᠤ ᠬᠠᠶᠠᠳᠠᠭ᠃ ᠠᠪᠠᠴᠢᠵᠦ | ᠬᠠᠶᠠᠬᠰᠠᠨ ᠬᠦᠮᠦᠨ ᠬᠤᠶᠢᠰᠢ ᠬᠠᠷᠠᠯ ᠦᠬᠡᠢ ᠬᠡᠷ ᠲᠡᠭᠡᠨ ᠤᠷᠤᠬᠤ ᠳᠤ ᠭᠠᠯ ᠠᠪᠴᠦ ᠤᠬᠳᠤᠨ ᠤᠷᠤᠭᠤᠯᠳᠠᠭ᠃ | ᠨᠢᠳᠤᠨ ᠳᠤ ᠡᠪᠤᠳᠦᠭ ᠭᠠᠷᠤᠬᠰᠠᠨ ᠪᠠᠶᠢᠪᠠᠯ ᠦᠷᠯᠦᠬᠡ ᠡᠷᠳᠡ ᠦᠬᠡ ᠲᠤᠣᠭᠠᠷᠬᠤ ᠠᠴᠠ ᠡᠮᠦᠨ᠎ᠡ ᠡᠪᠦᠳᠦᠭ | ᠭᠠᠷᠤᠬᠰᠠᠨ ᠨᠢᠳᠤ ᠪᠠᠨ ᠡᠰᠡᠷᠬᠦ ᠲᠠᠯ᠎ᠠ ᠶᠢᠨ ᠡᠪᠦᠳᠤᠭ᠌ ᠳᠡᠭᠡᠨ ᠬᠦᠷᠬᠡᠨ ᠵᠦᠬᠡᠯᠡᠨ ᠱᠦᠷᠬᠦᠬᠡᠨ ︽ᠡᠪᠦᠳᠤᠭ᠌ | ᠡᠪᠤᠳᠤᠭ᠌ ᠲᠤ ᠭᠠᠷᠬᠤ ᠠᠴᠠ ᠪᠢᠰᠢ᠂ ᠬᠡᠵᠢᠶ᠎ᠡ ᠨᠢᠳᠤᠨ ᠳᠤ ᠭᠠᠷᠴᠦ ᠪᠠᠶᠢᠯ᠎ᠠ᠃ ᠡᠮ ᠲᠤᠮ᠂ ᠡᠮ ᠲᠤᠮ᠂ ᠤᠳᠤ | ᠲᠠᠷᠤᠢ ᠰᠠᠶᠢᠨ ᠪᠤᠯ︾ ᠬᠡᠵᠦ ᠬᠡᠯᠡᠳᠡᠭ᠃ ᠭᠠᠷ ᠪᠤᠶᠤ ᠨᠢᠭᠤᠷ ᠲᠡᠬᠡᠷ᠎ᠠ ᠦ ᠭᠠᠷᠤᠬᠰᠠᠨ ᠪᠠᠶᠢᠪᠠᠯ ᠦ ᠶᠢᠨ ᠤᠭ | ᠢᠶᠠᠷ ᠬᠢᠯᠭᠠᠰᠤ ᠪᠠᠷ ᠤᠶᠠᠬᠤ ᠪᠤᠶᠤ ᠡᠯᠵᠢᠬᠡᠨ ᠰᠠᠭᠠᠷᠢᠯ ᠬᠡᠳᠡᠭ ᠨᠢᠬᠡ ᠵᠤᠶᠢᠯ ᠤᠨ ᠰᠠᠭᠠᠷᠢᠯ ᠦᠡᠭᠬᠡ ᠲᠠᠢ ᠤᠷᠳᠤ | ᠲᠡᠮᠳᠡᠷᠢᠬᠦᠯ ᠲᠠᠢ ᠬᠤᠷᠤᠬᠠᠢ ᠪᠠᠷ ᠢᠳᠡᠬᠦᠯᠬᠦ ᠮᠡᠳᠤ ᠪᠠᠷ ᠲᠤᠮᠨᠤᠳᠠᠭ᠃ ᠮᠤᠭᠠᠢ ᠢᠯᠢᠳᠤ ᠭᠠᠷᠪᠠᠯ ᠬᠤᠶᠠᠷ | ᠦᠵᠦᠬᠦᠯ ᠢ ᠨᠢ ᠬᠦᠵᠢ ᠶᠢᠨ ᠭᠠᠯ ᠢᠶᠠᠷ ᠲᠦᠬᠡᠨᠡᠵᠦ᠂ ᠵᠤᠭᠤᠰ ᠤᠨ ᠢᠯᠢᠳᠤ ᠭᠠᠷᠪᠠᠯ ᠰᠤᠬᠤᠷ ᠵᠤᠭᠤᠰ ︵ᠭᠠᠤᠯᠢᠨ | ᠵᠤᠭᠤᠰ︶ ᠢ ᠢᠰᠡᠭᠡᠢ ᠳᠤ ᠬᠠᠯᠠᠳᠠᠯ᠎ᠠ ᠱᠦᠷᠬᠦᠬᠡᠬᠡᠳ ᠲᠦᠬᠡᠨᠡᠳᠡᠭ᠃ ᠪᠢᠳᠡᠬᠦᠤ ᠶᠠᠷ᠎ᠠ ᠰᠢᠷᠬ᠎ᠠ ᠶᠢᠨ ᠡᠪᠡᠷᠰᠢᠶᠡᠨ | ᠡᠪᠡᠳᠬᠦ ᠪᠠ ᠣᠯᠠᠷᠢᠵᠦ ᠶᠡᠬᠡᠰᠬᠦ ᠶᠢ ᠰᠡᠷᠬᠡᠶᠢᠯᠡᠨ ᠤᠭ ᠢᠶᠠᠷ ᠨᠢ ᠤᠯᠠᠭᠠᠨ ᠤᠳᠠᠰᠤ ᠤᠶᠠᠳᠠᠭ᠃ ᠡᠮᠡᠭᠳᠡᠢ ᠶᠢᠨ | ᠬᠦᠬᠦ ᠬᠠᠪᠤᠳᠪᠠᠯ ᠨᠤᠮᠤᠨ ᠰᠤᠬᠤᠷ ᠤᠨ ᠬᠦᠯ ᠢᠶᠠᠷ ᠮᠠᠭᠠᠵᠢᠳᠠᠭ᠃ ᠠᠮᠠᠷᠠᠣ ᠶᠢ ᠮᠤᠳᠤᠨ ᠰᠠᠮ ᠢ ᠬᠠᠯᠠᠭᠠᠨ | ᠲᠦᠬᠡᠨᠡᠳᠡᠭ᠃ ᠡᠬᠦᠨᠴᠡ ᠭᠠᠳᠠᠨ᠎ᠠ ᠲᠠᠷᠢᠬᠢ ᠲᠤᠷᠬᠢᠬᠤ᠂ ᠰᠢᠬᠡᠷᠡᠩ᠂ ᠰᠦᠨᠡᠰᠤ ᠨᠢ ᠭᠠᠷᠬᠤ᠂ ᠨᠢᠳᠤ ᠲᠠᠳᠠᠬᠤ᠂ | ᠨᠠᠮᠤᠰᠤ᠂ ᠬᠤᠳᠤᠭᠤᠳᠤ ᠬᠦᠳᠡᠯᠬᠦ ᠵᠡᠷᠬᠡ ᠳᠤ ᠴᠦ ᠲᠤᠰ ᠲᠤᠰ ᠤᠨ ᠬᠢᠨᠢ ᠲᠤᠮᠨᠤᠯ ᠲᠠᠢ ᠪᠠᠶᠢᠳᠠᠭ᠃ | ︽ᠭᠠᠵᠠᠷ ᠭᠠᠵᠠᠷ ᠤᠨ ᠵᠠᠩ᠂ ᠬᠦᠵᠡᠭᠡ ᠬᠦᠵᠡᠬᠡᠨ ᠤ ᠪᠤᠯᠤᠩ︾ ᠬᠡᠳᠡᠭ ᠢᠶᠠᠷ ᠲᠤᠮ ᠵᠠᠰᠠᠯ ᠨᠢ ᠠᠳᠠᠯᠢ | ᠪᠤᠰᠤ ᠭᠠᠵᠠᠷ ᠨᠤᠳᠤᠭ ᠠᠳᠠᠯᠢ ᠪᠤᠰᠤ ᠰᠢᠭ᠋ ᠪᠠᠶᠢᠳᠠᠭ ᠴᠦ ᠪᠦᠷ ᠯᠡ ︽ᠬᠤᠣᠷ ᠢ ᠬᠤᠣᠷ ᠢᠶᠠᠷ︾᠂ ︽ | ᠲᠤᠷᠬᠢᠬᠰᠠᠨ ᠢ ᠲᠤᠷᠬᠢᠭᠤᠯᠵᠦ︾ ᠵᠠᠰᠠᠬᠤ ᠪᠠᠷ ᠭᠤᠣᠯ ᠪᠤᠯᠭᠠᠳᠠᠭ᠃ ᠲᠤᠮ ᠵᠠᠰᠠᠯ ᠪᠤᠯ ᠮᠤᠩᠭᠤᠯᠴᠤᠳ ᠤᠷᠳᠤ | ᠬᠤᠭᠤᠴᠠᠭᠠᠨ ᠤ ᠠᠮᠢᠳᠤᠷᠠᠯ ᠤᠶᠢᠯᠡᠳᠤᠯᠬᠡ ᠶᠢᠨ ᠶᠠᠪᠤᠴᠠ ᠳᠤ ᠬᠤᠷᠠᠮᠳᠤᠭᠤᠯᠤᠬᠰᠠᠨ ᠲᠤᠷᠰᠢᠯᠭ᠎ᠠ ᠪᠤᠯᠬᠤ ᠨᠢ | ᠯᠠᠪᠳᠠᠢ ᠲᠤᠯᠠ ᠶᠠᠮᠠᠷ ᠨᠢᠬᠡᠨ ᠡᠮᠨᠡᠯᠬᠡ ᠶᠢᠨ ᠶᠤᠰᠤ ᠵᠦᠢ ᠶᠢᠨ ᠦᠨᠳᠦᠰᠤᠯᠡᠯ ᠪᠠᠶᠢᠵᠦ ᠴᠦ ᠪᠤᠯᠵᠦᠰᠢ ᠦᠬᠡᠢ᠃ | ᠵᠠᠷᠢᠮ ᠲᠤᠮ ᠵᠠᠰᠠᠯ ᠢ ᠦᠵᠡᠬᠦ ᠳᠤ ᠲᠦᠬᠦᠮ ᠪᠦᠳᠤᠬᠦᠯᠢᠭ ᠪᠠᠶᠢᠯ᠎ᠠ ᠴᠦ ︽ᠰᠡᠵᠢᠭ ᠢᠶᠠᠷ ᠡᠪᠡᠳᠴᠦ᠂ ᠰᠦᠵᠢᠭ | ᠢᠶᠠᠷ ᠠᠷᠢᠯᠬᠤ︾ ᠶᠤᠰᠤ ᠲᠠᠢ ᠨᠡᠶᠢᠴᠡᠨ ᠡᠪᠡᠳᠴᠢᠳᠡᠨ ᠳᠤ ᠰᠢᠭᠤᠳ ᠰᠡᠳᠡᠯᠳᠡ ᠦᠭᠴᠦ᠂ ᠮᠡᠳᠡᠷᠡᠯ ᠤᠨ | ᠬᠦᠬᠡᠷᠡᠯᠳᠡ ᠡᠬᠦᠰᠬᠡᠨ᠂ ᠡᠪᠡᠳᠴᠢᠨ ᠢ ᠡᠰᠡᠷᠭᠦᠴᠡᠬᠦ ᠪᠡᠶ᠎ᠡ ᠶᠢᠨ ᠰᠢᠩᠬᠡᠨ ᠤ ᠱᠦᠬᠦᠷᠡᠯᠳᠡ ᠶᠢ ᠠᠬᠢᠭᠤᠯᠵᠦ᠂ | ᠡᠪᠡᠳᠴᠢᠨ ᠢ ᠡᠰᠡᠷᠭᠦᠴᠡᠬᠦ ᠴᠢᠳᠠᠯ ᠢ ᠲᠡᠬᠡᠭᠰᠢᠯᠡᠬᠦᠯᠦᠨ᠂ ᠰᠡᠳᠬᠢᠯᠬᠡ ᠶᠢ ᠰᠠᠶᠢᠵᠢᠷᠠᠭᠤᠯᠤᠨ᠂ ᠢᠳᠡᠬᠡᠯ ᠢ | ᠨᠡᠮᠡᠭᠳᠡᠬᠦᠯᠤᠨ᠂ ᠲᠠᠶᠢᠳᠬᠤᠷᠠᠯ ᠢ ᠤᠯᠭᠤᠳᠠᠭ ᠠᠴᠠ ᠡᠳᠡᠬᠡᠷᠡᠯᠳᠡ ᠶᠢ ᠠᠬᠢᠭᠤᠯᠳᠠᠭ ᠪᠠᠶᠢᠨ᠎ᠠ᠃ ᠡᠨᠡ ᠨᠢ | ᠰᠡᠳᠬᠢᠴᠡ ᠶᠢᠨ ᠵᠦᠢ᠂ ᠡᠮᠨᠡᠯᠬᠡ ᠶᠢᠨ ᠵᠦᠢ ᠲᠠᠢ ᠨᠡᠶᠢᠴᠡᠵᠦ ᠪᠠᠶᠢᠭ᠎ᠠ ᠶᠤᠮ᠃ ᠪᠠᠰᠠ ᠵᠠᠷᠢᠮ ᠲᠤᠮ ᠵᠠᠰᠠᠯ ᠢ | ᠦᠵᠡᠬᠦ ᠳᠤ ᠶᠠᠮᠠᠷᠴᠦ ᠶᠤᠰᠤ ᠵᠦᠢ ᠦᠬᠡᠢ ᠰᠢᠭ ᠴᠦ ᠮᠤᠩᠭᠤᠯ ᠤᠨ ᠤᠯᠠᠮᠵᠢᠯᠠᠯᠳᠤ ᠬᠠᠳᠬᠤᠬᠤ᠂ ᠢᠯᠢᠬᠦ᠂ | ᠬᠠᠨᠠᠬᠤ ᠵᠠᠰᠠᠯ ᠲᠠᠢ ᠠᠳᠠᠯᠢᠬᠠᠨ ᠵᠤᠬᠢᠬᠤ ᠤᠶᠢᠯᠡᠳᠤᠯ ᠭᠠᠷᠭᠠᠨ ᠦᠶ᠎ᠡ ᠲᠠᠮᠵᠢᠨ ᠤᠯᠠᠮᠵᠢᠯᠠᠬᠳᠠᠵᠦ᠂ ᠦᠷᠬᠡᠨ ᠢᠶᠠᠷ | ᠲᠡᠯᠬᠡᠷᠡᠭᠰᠡᠨ ᠢᠶᠠᠷ ᠦᠵᠡᠪᠡᠯ ᠲᠡᠬᠦᠨ ᠯᠠᠪᠳᠠᠢ ᠪᠢᠳᠡᠨ ᠤ ᠤᠯᠵᠦ ᠮᠡᠳᠡᠭᠡ ᠦᠬᠡᠢ ᠡᠴᠢᠨ᠎ᠡ ᠨᠢᠭᠤᠴᠠ ᠷᠢᠳᠢ ᠰᠢᠳᠢ | ᠠᠭᠤᠯᠤᠬᠳᠠᠵᠦ ᠪᠠᠶᠢᠵᠦ ᠪᠤᠯᠬᠤ ᠶᠤᠮ᠃ |