ᠲᠡᠦᠭᠡᠨ ᠣᠯᠠᠷᠢᠯ ︵ᠲᠤᠯᠤᠭ᠎ᠠ︶ | | | 1965 ᠤᠨ᠄ | 3 ᠰᠠᠷ᠎ᠠ ᠶᠢᠨ 5 ~ 11 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠬᠠᠶᠢᠷᠣᠪ ᠤᠨ | ᠲᠤᠬᠤᠢ ᠬᠤᠳᠠ ᠶᠢᠨ ᠬᠤᠶᠠᠳᠣᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠶᠡᠭᠡ | ᠬᠤᠷᠠᠯ ᠠᠴᠠ ᠬᠤᠳᠠ ᠶᠢᠨ ᠬᠤᠷᠢᠶᠠᠨ ᠨᠠᠮ ᠤᠨ ᠬᠤᠷᠢᠶᠠᠨ ᠤ ᠠᠵᠢᠯ ᠤᠨ ᠢᠯᠡᠳᠭᠡᠯ ᠢ ᠬᠢᠨᠠᠨ ᠵᠦᠪᠯᠡᠨ ᠪᠠᠲᠤᠯᠠᠵᠤ | ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠬᠠᠶᠢᠷᠣᠪ ᠤᠨ ᠲᠤᠬᠤᠢ ᠬᠤᠳᠠ ᠶᠢᠨ ᠬᠤᠶᠠᠳᠣᠭᠠᠷ ᠤᠳᠠᠭᠠᠨ | ᠭᠡᠰᠢᠭᠦᠳ ᠢ ᠰᠣᠩᠭᠤᠨ ᠭᠠᠷᠭᠠᠪᠠ᠃ ᠯᠢᠦ ᠴᠠᠩ ᠪᠢᠨ ᠲᠡᠳ᠋ ᠱᠦᠵᠢ ᠪᠠᠷ ᠰᠣᠩᠭᠤᠭᠳᠠᠵᠤ᠂ ᠠᠵᠢᠯ ᠡᠷᠬᠢᠯᠡᠪᠡ᠃ | 4 ᠰᠠᠷ᠎ᠠ᠂ ︽654︾ ᠶᠢᠨ ᠢᠠᠵᠧᠨᠧᠷᠢᠩ ᠤᠨ ᠵᠢᠯᠤᠭᠤᠳᠬᠤ ᠭᠠᠵᠠᠷ ᠪᠠᠶᠢᠭᠤᠯᠤᠭᠳᠠᠪᠠ᠃ ᠦᠪᠡᠷᠳᠡᠭᠡᠨ | ᠵᠠᠰᠬᠤ ᠤᠷᠤᠨ ᠠᠴᠠ ᠲᠤᠮᠳᠠᠲᠤ ᠤᠯᠤᠰ ᠤᠨ ᠡᠪ ᠬᠠᠮᠲᠤ ᠨᠠᠮ ᠤᠨ ᠲᠦᠪ ᠬᠤᠷᠢᠶᠠᠨ ᠤ ᠲᠠᠶᠢᠨ ᠳᠤ ᠪᠡᠯᠡᠳᠭᠡᠭᠦ᠂ | ︽ᠪᠠᠭ᠎ᠠ ᠭᠤᠷᠪᠠᠨ ᠱᠤᠭᠤᠮ︾ ᠤᠨ ᠵᠤᠷᠢᠭ ᠰᠠᠨᠠᠭ᠎ᠠ ᠶᠢ ᠦᠨᠳᠦᠰᠦᠯᠡᠵᠦ᠂ ᠣᠷᠣᠨ ᠨᠤᠳᠤᠭ ᠤᠨ ᠴᠡᠷᠵᠭ ᠤᠨ | ᠠᠵᠤ ᠤᠵᠵᠯᠠᠤᠠᠪᠤᠷᠢ ᠶᠢ ᠭᠠᠷᠳᠠᠨ ᠪᠠᠶᠢᠭᠤᠯᠪᠠ᠃ ᠦᠪᠦᠷ ᠮᠤᠩᠭᠤᠯ ᠤᠨ ᠨᠢᠭᠡᠳᠦᠭᠡᠷ ᠨᠠᠶᠢᠳᠠᠮ ᠭᠡᠷᠡᠭᠴᠠᠭᠡᠡ ᠤ | ᠮᠠᠰᠵᠡ ᠤ ᠤᠵᠵᠯᠠᠤᠠᠪᠤᠷᠢ᠂ ᠬᠤᠶᠠᠳᠣᠭᠠᠷ ᠨᠠᠶᠢᠳᠠᠮ ᠭᠡᠷᠡᠭᠴᠠᠭᠡᠡ ᠤ ᠮᠠᠰᠵᠡ ᠤ ᠤᠵᠵᠯᠠᠤᠠᠪᠤᠷᠢ᠂ ᠭᠤᠷᠪᠠᠳᠣᠭᠠᠷ | ᠨᠠᠶᠢᠳᠠᠮ ᠭᠡᠷᠡᠭᠴᠠᠭᠡᠡ ᠤ ᠮᠠᠰᠵᠡ ᠤ ᠤᠵᠵᠯᠠᠤᠠᠪᠤᠷᠢ ᠵᠢᠴᠢ ᠢᠳᠡᠰᠢᠭᠦᠯᠦᠨ ᠪᠤᠯᠪᠠᠰᠣᠷᠠᠭᠤᠯᠬᠤ ᠦᠢᠯᠡᠳᠪᠦᠷᠢ ᠶᠢ | ᠪᠡᠯᠡᠳᠬᠡᠨ ᠪᠠᠶᠢᠭᠤᠯᠪᠠ᠃ ᠢᠠᠵᠧᠨᠧᠷᠢᠩ ᠢ ᠠᠮᠤᠭᠤᠯᠠᠩ᠂ ᠸᠠᠩ ᠮᠧᠩ ᠵᠢᠶᠤᠤ᠂ ᠸᠠᠩ ᠵᠧᠨ ᠪᠠᠩ ᠪᠦᠬᠦ ᠲᠠᠯ᠎ᠠ ᠪᠠᠷ | ᠬᠠᠷᠢᠭᠤᠴᠠᠪᠠ᠃ | 5 ᠰᠠᠷ᠎ᠠ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ | ᠠᠴᠠ ᠤᠷᠠᠨ ᠲᠦᠰᠢ ᠠᠭᠤᠯᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠪᠠᠶᠢᠭᠤᠯᠤᠮᠵᠢ ᠶᠢ ᠬᠦᠴᠦᠨ | ᠦᠭᠡᠢ ᠪᠤᠯᠭᠠᠪᠠ᠃ | 7 ᠰᠠᠷ᠎ᠠ ᠶᠢᠨ 1 ᠤ ᠡᠳᠦᠷ᠂ ᠫᠢᠩ ᠭᠸᠤ ᠨᠡᠭᠦᠷᠡᠰᠦᠨ ᠠᠭᠤᠷᠬᠠᠢ᠂ ᠵᠢᠤ ᠳ᠋ᠦᠩ ᠭᠸᠤ ᠨᠡᠭᠦᠷᠡᠰᠦᠨ | ᠠᠭᠤᠷᠬᠠᠢ᠂ ᠬᠠᠶᠢᠷᠣᠪ ᠤᠨ ᠲᠤᠬᠤᠢ ᠨᠡᠭᠦᠷᠡᠰᠦᠨ ᠠᠭᠤᠷᠬᠠᠢ ᠶᠢ ᠨᠡᠶᠢᠯᠡᠭᠦᠯᠦᠨ ᠴᠠᠪᠴᠢᠷ ᠨᠡᠭᠦᠷᠡᠰᠦᠨ ᠠᠭᠤᠷᠬᠠᠢ ᠶᠢ | ᠪᠠᠶᠢᠭᠤᠯᠪᠠ᠃ | 8 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠨᠡᠭᠦᠷᠡᠰᠦᠨ ᠤ | ᠠᠵᠤ ᠦᠢᠯᠡᠳᠪᠦᠷᠢ ᠶᠢᠨ ᠬᠠᠮᠢᠶᠠᠷᠣᠯᠳᠠ ᠶᠢᠨ ᠲᠤᠪᠴᠢᠶᠠᠨ ᠤ ᠯᠣᠭᠰᠢᠳᠠᠷ ᠤᠨ ᠬᠤᠤᠠᠳᠤᠭ ᠭᠠᠷᠭᠠᠬᠤ ᠪᠠᠷᠵᠯᠭᠠ | ᠶᠢᠨ ᠠᠵᠵᠯ ᠤᠨ ᠭᠠᠵᠠᠷ ᠪᠠᠶᠢᠭᠤᠯᠤᠭᠳᠠᠪᠠ᠃ | 8 ᠰᠠᠷ᠎ᠠ ᠶᠢᠨ 18 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠬᠡᠪᠯᠡᠯ ᠤᠨ ᠦᠢᠯᠡᠳᠪᠤᠷᠢ | ᠪᠠᠶᠢᠭᠤᠯᠤᠭᠳᠠᠪᠠ᠃ | ᠲᠤᠰ ᠰᠠᠷ᠎ᠠ᠂ ᠤᠳᠠ ᠬᠤᠳᠠ ᠶᠢᠨ ᠣᠯᠠᠭᠠᠨᠮᠦ᠋ᠴᠢᠷ ᠪᠠᠶᠢᠭᠤᠯᠤᠭᠳᠠᠪᠠ᠃ | 9 ᠰᠠᠷ᠎ᠠ ᠶᠢᠨ 15 ᠤ ᠡᠳᠦᠷ᠂ ᠣᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠡᠣ ᠬᠤ᠋ ᠱᠠᠨ | ᠨᠡᠭᠦᠷᠡᠰᠦᠨ ᠠᠭᠤᠷᠬᠠᠢ ᠶᠢ ᠡᠬᠢᠯᠡᠨ ᠡᠭᠦᠰᠭᠡᠨ ᠪᠠᠶᠢᠭᠤᠯᠪᠠ᠂ ᠵᠢᠷᠤᠭ ᠲᠥᠯᠥᠪᠯᠡᠭᠡ ᠬᠢᠭᠰᠡᠨ ᠴᠢᠳᠠᠪᠤᠷᠢ ᠪᠠᠷ ᠵᠢᠯ ᠤᠨ | ᠨᠡᠭᠦᠷᠡᠰᠦᠨ ᠤ ᠭᠠᠷᠣᠯᠳᠠ 150 ᠲᠦᠮᠡᠨ ᠲᠤᠨ ᠪᠤᠯᠤᠨ᠎ᠠ᠃ | ᠲᠤᠰ ᠰᠠᠷ᠎ᠠ᠂ ᠶᠡᠭᠡ ᠵᠤᠤ ᠠᠶᠢᠮᠠᠭ ᠤᠨ ︽ᠲᠦᠷᠪᠡ ᠶᠢ ᠲᠤᠳᠤᠷᠬᠠᠶᠢᠯᠠᠬᠤ︾ ᠠᠵᠢᠯ ᠤᠨ ᠪᠦᠯᠬᠦᠮ ᠤᠷᠠᠨ | ᠲᠦᠰᠢ ᠠᠭᠤᠯᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ᠂ ᠪᠤᠭᠤᠲᠤ ᠶᠢᠨ ᠪᠤᠯᠤᠳ ᠲᠡᠮᠦᠷ ᠤᠨ | ᠦᠢᠯᠡᠳᠪᠦᠷᠢ ᠶᠢᠨ ᠴᠤᠬᠤᠢ ᠶᠢᠨ ᠴᠵᠯᠠᠭᠤᠡ ᠠᠭᠤᠷᠬᠠᠢ ᠵᠡᠷᠭᠡ ᠪᠠᠶᠢᠭᠤᠯᠭ᠎ᠠ ᠨᠢᠭᠡᠴᠡ ᠳᠤ ︽ᠲᠦᠷᠪᠡ ᠶᠢ | ᠲᠤᠳᠤᠷᠬᠠᠶᠢᠯᠠᠬᠤ︾ ᠭᠦᠳᠡᠯᠭᠡᠭᠡᠨ ᠦᠷᠨᠢᠭᠦᠯᠪᠡ᠃ | 10 ᠰᠠᠷ᠎ᠠ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ ᠺᠤᠮᠫᠠᠨᠢ ᠶᠢᠨ ᠦᠪᠦᠷ | ᠮᠤᠩᠭᠤᠯ ᠤᠨ ᠬᠤᠪᠢᠶᠠᠷᠢ ᠺᠤᠮᠫᠠᠨᠢ ᠪᠠᠶᠢᠭᠤᠯᠤᠭᠳᠠᠪᠠ᠃ ᠵᠠᠩ ᠰᠢᠦᠸᠡᠢ ᠷᠤ᠋ ᠨᠠᠮ ᠤᠨ ᠬᠤᠷᠢᠶᠠᠨ ᠤ ᠱᠦᠵᠢ᠂ | ᠮᠢᠶᠤᠤ ᠱᠤ᠋ ᠲᠠᠩ ᠬᠤᠪᠢᠶᠡᠷᠢ ᠺᠣᠮᠫᠠᠨᠢ ᠶᠢᠨ ᠬᠠᠮᠢᠶᠠᠷᠤᠭᠴᠢ ᠶᠢᠨ ᠲᠤᠰᠢᠶᠠᠯ ᠢ ᠬᠠᠷᠢᠭᠤᠴᠠᠪᠠ᠃ | ▲ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠰᠤᠬᠠᠶᠢᠲᠤ ᠨᠡᠭᠦᠷᠡᠰᠦᠨ ᠠᠭᠤᠷᠬᠠᠢ | ᠪᠠᠶᠢᠭᠤᠯᠤᠭᠳᠠᠵᠤ ᠦᠢᠯᠡᠳᠪᠦᠷᠢᠯᠡᠯ ᠳᠤ ᠤᠷᠤᠪᠠ᠂ ᠵᠢᠷᠤᠭ ᠲᠥᠯᠥᠪᠯᠡᠭᠡ ᠬᠢᠭᠰᠡᠨ ᠴᠢᠳᠠᠪᠤᠷᠢ ᠪᠠᠷ ᠵᠢᠯ ᠤᠨ | ᠨᠡᠭᠦᠷᠡᠰᠦᠨ ᠤ ᠭᠠᠷᠣᠯᠳᠠ 120 ᠲᠦᠮᠡᠨ ᠲᠤᠨ ᠪᠤᠯᠤᠨ᠎ᠠ᠃ | ᠲᠤᠰ ᠵᠢᠯ᠂ ᠪᠠᠷᠠᠭᠤᠨ ᠤᠷᠠᠨ ᠲᠦᠰᠢ ᠠᠭᠤᠯᠠ ᠶᠢᠨ ᠱᠦᠢᠨᠢ ᠶᠢᠨ ᠦᠢᠯᠡᠳᠪᠦᠷᠢ ᠶᠢ ᠦᠷᠭᠦᠯᠵᠢᠯᠡᠨ | ᠪᠠᠶᠢᠭᠤᠯᠪᠠ᠃ | | 1966 ᠣᠨ᠄ | 3 ᠰᠠᠷ᠎ᠠ ᠶᠢᠨ 6 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠲᠠᠷᠬᠠᠨ ᠲᠠᠯ᠎ᠠ ᠶᠢᠨ ᠲᠤᠭᠤᠯᠭᠠᠨ | ᠠᠭᠤᠷᠬᠠᠢ ᠪᠦᠬᠦ ᠤᠯᠤᠰ ᠤᠨ ᠳ᠋ᠠᠴᠢᠩ ᠬᠡᠯᠪᠡᠷᠢ ᠶᠢᠨ ᠠᠵᠤ ᠠᠬᠤᠶᠢᠯᠠᠯ ᠢᠶᠠᠷ ᠦᠨᠡᠯᠡᠭᠳᠡᠪᠡ᠃ | 4 ᠰᠠᠷ᠎ᠠ᠂ ᠦᠪᠦᠷ ᠮᠤᠩᠭᠤᠯ ᠤᠨ ᠭᠤᠷᠪᠠᠳᠣᠭᠠᠷ ᠨᠠᠶᠢᠳᠠᠮ ᠭᠡᠷᠡᠭᠴᠠᠭᠡᠡ ᠤ ᠮᠠᠰᠵᠡ ᠤ ᠤᠵᠵᠯᠠᠤᠠᠪᠤᠷᠢ ᠶᠢᠨ | ᠲᠤᠨᠤᠭᠯᠠᠬᠤ ᠦᠢᠯᠡᠳᠪᠦᠷᠢᠯᠡᠯ ᠤᠨ ᠱᠤᠭᠤᠮ ᠪᠠᠶᠢᠭᠤᠯᠤᠭᠳᠠᠪᠠ᠃ 10 ᠰᠠᠷ᠎ᠠ ᠠᠴᠠ ᠡᠬᠢᠯᠡᠨ ᠪᠦᠭᠡᠮ ᠢᠶᠠᠷ | ᠦᠢᠯᠡᠳᠪᠦᠷᠢᠯᠡᠪᠡ᠃ | 5 ᠰᠠᠷ᠎ᠠ ᠶᠢᠨ 20 ᠤ ᠡᠳᠦᠷ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ | ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ 1600 ᠬᠦᠮᠦᠨ ᠵᠤᠬᠢᠶᠠᠨ ᠪᠠᠶᠢᠭᠤᠯᠵᠤ ᠴᠤᠭᠯᠠᠭᠠᠨ | ᠪᠤᠯᠵᠤ ︽ᠰᠠᠨ ᠵᠢᠶᠠ ᠼᠦᠨ︾ ᠢ ᠬᠢᠯᠢᠩᠯᠡᠨ ᠪᠤᠷᠤᠭᠤᠰᠢᠶᠠᠵᠤ᠂ ᠺᠤᠮᠫᠠᠨᠢ ᠶᠢᠨ ᠬᠠᠷᠵᠭᠤᠴᠠᠭᠴᠢ ︽ᠰᠣᠶᠣᠯ ᠤᠨ | ᠶᠡᠭᠡ ᠬᠤᠪᠢᠰᠬᠠᠯ︾ ᠢ ᠦᠷᠨᠢᠬᠦᠯᠬᠦ ᠲᠤᠬᠠᠢ ᠲᠠᠶᠢᠴᠵᠯᠠᠬᠤ ᠢᠯᠠᠤᠠᠭᠡᠯ ᠬᠢᠪᠡ᠃ | ᠲᠤᠰ ᠰᠠᠷ᠎ᠠ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠬᠤᠳᠠ ᠶᠢᠨ ᠨᠠᠮ ᠤᠨ ᠬᠤᠷᠢᠶᠠᠨ | ᠠᠴᠠ ︽︿ᠰᠣᠶᠣᠯ ᠤᠨ ᠶᠡᠭᠡ ᠬᠤᠪᠢᠰᠬᠠᠯ﹀︾ ᠤᠨ ᠬᠦᠳᠡᠯᠭᠡᠭᠡᠨ ᠢ ᠲᠠᠷᠤᠢ ᠦᠷᠨᠢᠬᠦᠯᠬᠦ ᠲᠤᠬᠠᠢ ᠪᠠᠴᠢᠮ ᠮᠡᠳᠡᠭᠳᠡᠯ | ︾ ᠭᠠᠷᠭᠠᠪᠠ᠃ | 6 ᠰᠠᠷ᠎ᠠ ᠶᠢᠨ 7 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠬᠠᠶᠢᠷᠣᠪ ᠤᠨ ᠲᠤᠬᠤᠢ | ᠬᠤᠳᠠ ᠶᠢᠨ ᠨᠠᠮ ᠤᠨ ᠬᠤᠷᠢᠶᠠᠨ ᠠᠴᠠ ︽︿ᠰᠤᠶᠤᠯ ᠤᠨ ᠶᠡᠭᠡ ᠬᠤᠪᠢᠰᠬᠠᠯ﹀ ᠢ ᠤᠳᠤᠬᠠᠨ ᠤ ᠭᠤᠤᠯ ᠡᠭᠦᠷᠭᠡ | ᠪᠤᠯᠭᠠᠬᠤ ᠲᠤᠬᠠᠢ ᠮᠡᠳᠡᠭᠳᠡᠯ︾ ᠭᠠᠷᠭᠠᠪᠠ᠃ | ᠲᠤᠰ ᠰᠠᠷ᠎ᠠ᠂ ᠤᠳᠠ ᠬᠤᠳᠠ᠂ ᠬᠠᠶᠢᠷᠣᠪ ᠤᠨ ᠲᠤᠬᠤᠢ ᠬᠤᠳᠠ ᠪᠤᠯᠤᠨ ᠾᠧ ᠯᠠᠨ ᠱᠠᠨ ᠠᠭᠤᠯᠠ ᠶᠢᠨ | ᠨᠡᠭᠦᠷᠡᠰᠦᠨ ᠠᠵᠤ ᠦᠢᠯᠡᠳᠪᠦᠷᠢ ᠶᠢᠨ ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠲᠤᠰᠪᠤᠷᠢ | ᠠᠵᠢᠯᠯᠠᠬᠤ ᠲᠤᠭᠤᠶᠢᠯᠠᠩ ᠲᠤᠮᠢᠯᠠᠵᠤ ᠰᠤᠷᠭᠠᠭᠤᠯᠢ᠂ ᠡᠮᠨᠡᠯᠭᠡ ᠶᠢᠨ ᠬᠤᠷᠢᠶ᠎ᠠ ᠵᠡᠷᠭᠡ ᠪᠠᠶᠢᠭᠤᠯᠭ᠎ᠠ ᠨᠢᠭᠡᠴᠡ ᠳᠤ | ᠣᠷᠣᠵᠣ ᠰᠠᠭᠤᠯᠭᠠᠪᠠ᠃ | 7 ᠰᠠᠷ᠎ᠠ᠂ ᠦᠪᠦᠷ ᠮᠤᠩᠭᠤᠯ ᠤᠨ ᠬᠤᠶᠠᠳᠣᠭᠠᠷ ᠨᠠᠶᠢᠳᠠᠮ ᠭᠡᠷᠡᠭᠴᠠᠭᠡᠡ ᠤ ᠮᠠᠰᠵᠡ ᠤ ᠤᠵᠵᠯᠠᠤᠠᠪᠤᠷᠢ | ᠪᠠᠶᠢᠭᠤᠯᠤᠭᠳᠠᠵᠤ ᠦᠢᠯᠡᠳᠪᠦᠷᠢᠯᠡᠯ ᠳᠤ ᠣᠷᠣᠪᠠ᠃ | 8 ᠰᠠᠷ᠎ᠠ ᠶᠢᠨ 1 ᠤ ᠡᠳᠦᠷ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ | ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠰᠢᠭᠤᠳ ᠬᠠᠷᠢᠶ᠎ᠠ ᠪᠠᠭ᠎ᠠ ᠰᠣᠷᠭᠠᠭᠤᠯᠢ ᠶᠢᠨ 13 | ᠨᠠᠰᠣᠳᠠᠢ ᠰᠣᠷᠣᠭᠴᠢ ᠳ᠋ᠧᠩ ᠾᠧ ᠫᠢᠩ ᠬᠠᠳᠣᠨ ᠭᠤᠤᠯ ᠳᠤ ᠤᠨᠠᠭᠰᠠᠨ 11 ᠨᠠᠰᠣᠳᠠᠢ ᠰᠣᠷᠣᠭᠴᠢ ᠰᠣ᠋ ᠴᠦᠨ | ᠰᠢᠨ ᠢ ᠠᠪᠤᠷᠠᠬᠤ ᠶᠢᠨ ᠲᠦᠯᠦᠭᠡ ᠠᠮᠢ ᠪᠠᠨ ᠵᠤᠷᠢᠭᠤᠯᠪᠠ᠃ | ᠲᠤᠰ ᠰᠠᠷ᠎ᠠ᠂ ᠤᠳᠠ ᠬᠤᠳᠠ᠂ ᠬᠠᠶᠢᠷᠣᠪ ᠤᠨ ᠲᠤᠬᠤᠢ ᠬᠤᠳᠠ ᠶᠢᠨ ᠤᠯᠠᠭᠠᠨ ᠬᠠᠮᠠᠭᠠᠯᠠᠬᠤ ᠴᠡᠷᠢᠭ | ᠨᠡᠶᠢᠭᠡᠮ ᠳᠤ ᠬᠠᠨᠲᠤᠭᠤᠯᠤᠨ᠂ ︽ᠹᠧᠣᠳᠠᠯ᠂ ᠬᠦᠷᠦᠩᠭᠡᠳᠡᠨ᠂ ᠵᠠᠰᠠᠪᠤᠷᠢᠯᠠᠬᠤ︾ ᠪᠤᠳᠠᠰ ᠲᠤ ᠡᠪᠳᠡᠯᠭᠡ ᠬᠢᠪᠡ᠃ | ᠴᠢᠩ ᠤᠯᠤᠰ ᠤᠨ ᠡᠩᠬᠡ ᠠᠮᠤᠭᠤᠯᠠᠩ ᠤᠨ ᠲᠦᠴᠢᠨ ᠭᠤᠷᠪᠠᠳᠣᠭᠠᠷ ᠤᠨ ︵1778 ᠤᠨ︶ ᠳᠤ | ᠪᠠᠶᠢᠭᠤᠯᠤᠭᠳᠠᠭᠰᠠᠨ ᠷᠰᠠᠩ ᠰᠦᠮ᠎ᠡ ᠡᠪᠳᠡᠭᠳᠡᠪᠡ᠃ | 9 ᠰᠠᠷ᠎ᠠ ᠶᠢᠨ ᠡᠬᠢᠨ᠂ ᠣᠳᠠ ᠬᠤᠳᠠ ᠶᠢᠨ ᠨᠢᠭᠡ ᠪᠦᠯᠦᠭ ᠪᠠᠶᠢᠭᠤᠯᠭ᠎ᠠ ᠨᠢᠭᠡᠴᠡ ᠶᠢᠨ ᠣᠯᠠᠨ ᠲᠦᠮᠡᠨ ᠤ | ᠵᠤᠬᠢᠶᠠᠨ ᠪᠠᠶᠢᠭᠤᠯᠤᠯᠳᠠ ᠠᠴᠠ ᠨᠠᠮ ᠤᠨ ᠬᠤᠷᠢᠶ᠎ᠠ ᠶᠢ ᠤᠵᠭᠡᠷᠠᠴᠵᠯᠠᠡ ᠪᠠᠶᠢᠭᠤᠯᠬᠤ ᠪᠠᠷ ᠱᠠᠭᠠᠷᠳᠠᠵᠤ᠂ ᠬᠤᠳᠠ ᠶᠢᠨ | ᠨᠠᠮ ᠤᠨ ᠬᠤᠷᠢᠶᠠᠨ ᠤ ᠱᠦᠵᠢ ᠶᠢ ᠤᠭᠴᠠᠷᠠᠭᠤᠯᠵᠤ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠤᠨ ᠤ | ᠤᠳᠤᠷᠢᠳᠤᠯᠭ᠎ᠠ ᠳᠤ ᠪᠤᠷᠤᠭᠤᠰᠢᠶᠠᠨ ᠰᠢᠭᠦᠮᠵᠢᠯᠡᠯ ᠬᠢᠪᠡ᠃ | 9 ᠰᠠᠷ᠎ᠠ ᠶᠢᠨ 11 ᠤ ᠡᠳᠦᠷ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ | ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ 3000 ᠬᠦᠮᠦᠨ ᠤ ᠪᠤᠷᠣᠭᠤᠰᠢᠶᠠᠠ ᠳᠠᠮᠠᠴᠠᠬᠦ ᠶᠡᠭᠡ | ᠬᠤᠷᠠᠯ ᠬᠢᠪᠡ᠃ ᠬᠤᠪᠢᠶᠠᠷᠢ ᠺᠣᠮᠫᠠᠨᠢ ᠶᠢᠨ ᠨᠠᠮ ᠤᠨ ᠬᠤᠷᠢᠶᠠᠨ ᠤ ᠱᠦᠵᠢ᠂ ᠲᠡᠳ᠋ ᠱᠦᠵᠢ᠂ ᠲᠡᠳ᠋ ᠬᠠᠮᠢᠶᠠᠷᠤᠭᠴᠢ | ᠵᠡᠷᠭᠡ 30 ᠭᠠᠷᠣᠢ ᠣᠳᠣᠷᠢᠳᠣᠯᠭ᠎ᠠ ᠺᠠᠳᠠᠷ ᠤᠷᠢᠳ ᠬᠤᠵᠢᠳ ᠢᠯᠡ ᠪᠤᠷᠤᠭᠤᠰᠢᠶᠠᠨ ᠰᠢᠭᠦᠮᠵᠢᠯᠡᠯ ᠡᠰᠡᠭᠦᠯ᠎ᠡ | ᠲᠡᠮᠡᠴᠡᠭᠳᠡᠪᠡ᠃ | 9 ᠰᠠᠷ᠎ᠠ ᠶᠢᠨ 13 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠨᠠᠮ ᠤᠨ ᠬᠤᠷᠢᠶ᠎ᠠ ᠬᠤᠶᠠᠳᠣᠭᠠᠷ | ᠬᠤᠭᠤᠴᠠᠭᠠᠨ ᠤ ᠭᠤᠷᠪᠠᠳᠣᠭᠠᠷ ᠪᠦᠭᠦᠳᠡ ᠬᠤᠷᠯᠳᠣᠭᠠᠨ ᠬᠢᠵᠦ᠂ ᠤᠯᠠᠨ ᠲᠦᠮᠡᠨ ᠢ ᠶᠡᠭᠡᠪᠡᠷ ᠲᠠᠶᠢᠴᠢᠯᠠᠵᠤ᠂ | ᠬᠤᠳᠠ ᠶᠢᠨ ᠭᠤᠤᠯ ᠤᠳᠤᠷᠢᠳᠤᠯᠭ᠎ᠠ ᠶᠢᠨ ᠠᠰᠠᠭᠤᠳᠠᠯ ᠢ ᠨᠢᠭᠡᠳᠦᠯᠳᠡᠢ ᠪᠠᠷ ᠢᠯᠡᠴᠢᠯᠡᠨ ᠰᠢᠭᠦᠮᠵᠢᠯᠡᠯ ᠬᠢᠬᠦ ᠶᠢ | ᠴᠢᠩᠭᠠᠳᠬᠠᠪᠠ᠂ ᠨᠢᠭᠡ ᠪᠦᠯᠦᠭ ᠤᠳᠤᠷᠢᠳᠤᠯᠭ᠎ᠠ ᠶᠢ ᠨᠡᠷ᠎ᠡ ᠲᠣᠷᠠᠳᠴᠣ ᠪᠤᠷᠤᠭᠤᠰᠢᠶᠠᠨ ᠰᠢᠭᠦᠮᠵᠢᠯᠡᠪᠡ᠃ | 12 ᠰᠠᠷ᠎ᠠ ᠶᠢ 5 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠠᠷᠠᠳ ᠤᠨ ᠵᠦᠪᠯᠡᠯ ᠤᠨ ᠠᠷᠪᠠᠨ | ᠨᠠᠢᠮᠠᠳᠣᠭᠠᠷ ᠤᠳᠠᠭᠠᠨ ᠤ ᠬᠤᠷᠠᠯᠳᠣᠭᠠᠨ ᠠᠴᠠ ᠬᠤᠪᠢᠰᠬᠠᠯ ᠤᠨ ᠡᠰᠡᠷᠭᠦᠦ ᠡᠳᠡᠭᠡᠳ᠂ ᠪᠠᠶᠠᠨ ᠲᠠᠷᠢᠶᠠᠴᠢᠨ | ᠡᠲᠡᠭᠡᠳ ᠲᠤ ᠮᠠᠯᠠᠭᠠᠢ ᠵᠡᠭᠦᠯᠭᠡᠬᠦ ᠰᠢᠢᠳᠪᠦᠷᠢ ᠶᠢ ᠲᠤᠭᠳᠠᠭᠠᠪᠠ᠃ | 12 ᠰᠠᠷ᠎ᠠ ᠶᠢᠨ 16 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠬᠠᠶᠢᠷᠣᠪ ᠤᠨ ᠲᠤᠬᠤᠢ | ᠬᠤᠳᠠ ᠶᠢᠨ ᠨᠠᠮ ᠤᠨ ᠬᠤᠷᠢᠶ᠎ᠠ ᠬᠤᠶᠠᠳᠣᠭᠠᠷ ᠬᠤᠭᠤᠴᠠᠭᠠᠨ ᠤ ᠲᠦᠷᠪᠡᠳᠦᠭᠡᠷ ᠤᠳᠠᠭᠠᠨ ᠤ ᠪᠦᠬᠦ ᠭᠡᠰᠢᠭᠦᠳ ᠤᠨ | ᠦᠷᠭᠡᠳᠭᠡᠭᠰᠡᠨ ᠬᠤᠷᠠᠯ ᠬᠤᠷᠠᠯᠳᠣᠵᠣ᠂ ᠤᠯᠠᠨ ᠲᠦᠮᠡᠨ ᠤ ᠲᠠᠷᠣᠯᠳᠠ ᠪᠤᠯᠤᠭᠰᠠᠨ ︽ᠬᠦᠷᠦᠩᠭᠡᠳᠡᠨ ᠠᠩᠬᠢ ᠶᠢᠨ | ᠲᠡᠷᠰᠯᠡᠭᠦᠦ ᠱᠣᠭᠤᠮ︾ ᠢ ᠪᠤᠷᠤᠭᠤᠰᠢᠶᠠᠨ ᠰᠢᠭᠦᠮᠵᠢᠯᠡᠵᠦ᠂ ᠲᠦᠪ ᠤᠨ ᠠᠵᠤ ᠦᠢᠯᠡᠳᠪᠦᠷᠢ ᠵᠠᠮ ᠬᠠᠷᠢᠯᠴᠠᠭᠠᠨ ᠤ | ᠰᠢᠰᠲ᠋ᠧᠮ ᠳᠤ ︽ᠰᠣᠶᠣᠯ ᠤᠨ ᠶᠡᠭᠡ ᠬᠤᠪᠢᠰᠬᠠᠯ︾ ᠶᠠᠪᠤᠭᠳᠠᠭᠤᠯᠬᠤ ᠲᠤᠬᠠᠢ ᠮᠠᠲ᠋ᠧᠷᠢᠶᠠᠯ ︵ᠠᠵᠤ ᠦᠢᠯᠡᠳᠪᠦᠷᠢ | ᠶᠢᠨ ᠠᠷᠪᠠᠨ ᠵᠤᠷᠪᠤᠰ︶ ᠢ ᠲᠤᠤᠱᠯᠠᠭᠤᠯᠪᠠ᠃ ᠠᠵᠤ ᠦᠢᠯᠡᠳᠪᠦᠷᠢ ᠠᠭᠤᠷᠬᠠᠢ ᠠᠵᠤ ᠠᠬᠤᠶᠢᠯᠠᠯ ᠳᠤ ︽ᠰᠣᠶᠤᠯ | ᠤᠨ ᠶᠡᠭᠡ ᠬᠤᠪᠢᠰᠬᠠᠯ︾ ᠶᠠᠪᠤᠭᠳᠠᠭᠤᠯᠪᠠ᠃ | ᠲᠤᠰ ᠰᠠᠷ᠎ᠠ᠂ ᠤᠳᠠ ᠶᠢᠨ ᠠᠭᠤᠷᠬᠠᠢ ᠶᠢᠨ ᠤᠷᠤᠨ ᠤ ᠣᠯᠠᠨ ᠲᠦᠮᠡᠨ ᠤ ᠵᠣᠬᠢᠶᠠᠨ ᠪᠠᠶᠢᠭᠤᠯᠤᠯᠲᠠ | ᠤᠷᠢᠳ ᠬᠤᠵᠢᠳ ᠪᠠᠶᠢᠭᠤᠯᠤᠭᠳᠠᠪᠠ᠃ | | 1967 ᠣᠨ᠄ | 1 ᠰᠠᠷ᠎ᠠ ᠶᠢᠨ 23 ᠤ ᠡᠳᠦᠷ᠂ ᠤᠳᠠ ᠶᠢᠨ ︽ᠶᠦᠸᠧ ᠶᠢᠨ ᠠᠭᠤᠷᠬᠠᠢ ᠶᠢᠨ ᠳ᠋ᠦᠩ ᠹᠠᠩ ᠬᠤᠩ | ᠶᠡᠷᠦᠩᠬᠡᠢ ᠬᠡᠯᠲᠡᠰ︾᠂ ᠦᠪᠦᠷ ᠮᠤᠩᠭᠤᠯ ᠤᠨ ᠨᠡᠭᠦᠷᠡᠰᠦᠨ ᠤ ᠬᠤᠪᠢᠶᠡᠷᠢ ᠺᠤᠮᠫᠠᠨᠢ ᠶᠢᠨ ᠠᠯᠪᠠᠨ ᠪᠠᠶᠢᠭᠤᠯᠭ᠎ᠠ ᠶᠢᠨ | ︽ᠦᠬᠡᠶᠢᠬᠦᠦ ᠠᠩᠬᠢ ᠶᠢᠨ ᠬᠤᠪᠢᠰᠬᠠᠯ ᠤᠨ ᠣᠷᠪᠠᠯᠭ᠎ᠠ ᠶᠢᠨ ᠶᠡᠷᠦᠩᠬᠡᠢ ᠬᠡᠯᠲᠡᠰ︾ ᠵᠡᠷᠭᠡ ᠣᠯᠠᠨ ᠲᠦᠮᠡᠨ ᠤ | ᠵᠣᠬᠢᠶᠠᠨ ᠪᠠᠶᠢᠭᠤᠯᠤᠯᠲᠠ ᠠᠴᠠ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ ᠺᠤᠮᠫᠠᠨᠢ ᠶᠢᠨ | ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠡᠷᠭᠡ ᠶᠢ ᠪᠤᠯᠢᠶᠠᠵᠤ᠂ ᠬᠤᠪᠢᠶᠠᠷᠢ ᠺᠤᠮᠫᠠᠨᠢ ᠶᠢᠨ 11 ᠨᠡᠷᠡᠰ | ᠺᠠᠳᠠᠷ ᠢ ᠠᠯᠪᠠᠳᠠᠵᠤ ᠬᠤᠳᠳᠤᠭ ᠳᠣᠣᠷᠠᠬᠢ ᠬᠦᠳᠡᠯᠮᠦᠷᠢ ᠳᠤ ᠣᠷᠣᠯᠴᠠᠭᠤᠯᠪᠠ᠃ | 1 ᠰᠠᠷ᠎ᠠ ᠶᠢᠨ 28 ᠤ ᠡᠳᠦᠷ᠂ ᠣᠳᠠ ᠬᠤᠳᠠ ᠶᠢᠨ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ︽ | ᠤᠳᠠ ᠬᠤᠳᠠ ᠶᠢᠨ ᠬᠤᠪᠢᠰᠬᠠᠯ ᠤᠨ ᠤᠷᠪᠠᠯᠭ᠎ᠠ ᠶᠢᠨ ᠬᠠᠮᠲᠤᠷᠠᠭᠰᠠᠨ ᠶᠡᠷᠦᠩᠬᠡᠢ ᠵᠵᠯᠤᠭᠤᠤᠠᠬᠤ ᠭᠠᠵᠠᠷ︾ | ᠲᠤᠮᠳᠠᠲᠤ ᠤᠯᠤᠰ ᠤᠨ ᠡᠪ ᠬᠠᠮᠲᠤ ᠨᠠᠮ ᠤᠨ ᠣᠳᠠ ᠬᠤᠳᠠ ᠶᠢᠨ ᠬᠤᠷᠢᠶ᠎ᠠ᠂ ᠤᠳᠠ ᠬᠤᠳᠠ ᠶᠢᠨ ᠠᠷᠠᠳ | ᠵᠦᠪᠯᠡᠯ ᠤᠨ ᠡᠷᠭᠡ ᠶᠢ ᠪᠤᠯᠢᠶᠠᠪᠠ ᠬᠡᠰᠡᠨ ᠢᠶᠠᠨ ᠨᠡᠶᠢᠳᠡᠯᠡᠪᠡ᠃ | 1 ᠰᠠᠷ᠎ᠠ ᠶᠢᠨ 30 ᠤ ᠡᠳᠦᠷ᠂ ︽ᠤᠳᠠ ᠶᠢᠨ ᠠᠭᠤᠷᠬᠠᠢ ᠶᠢᠨ ᠣᠷᠣᠨ ᠤ ᠳ᠋ᠦᠩ ᠹᠠᠩ ᠬᠤᠩ | ᠶᠡᠷᠦᠩᠭᠡᠢ ᠰᠧᠯᠵᠩᠪᠦ᠋︾᠂ ︽ᠶᠦᠸᠧ ᠶᠢᠨ ᠠᠭᠤᠷᠬᠠᠢ ᠶᠢᠨ ᠳ᠋ᠦᠩ ᠹᠠᠩ ᠬᠤᠩ ᠶᠡᠷᠦᠩᠬᠡᠢ ᠬᠡᠯᠲᠡᠰ︾ ᠤᠨ ᠨᠢᠭᠡ | ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠣᠳᠠ ᠬᠤᠳᠠ ᠶᠢᠨ ᠲᠤᠲᠤᠭᠠᠲᠤ ᠶᠢ ᠬᠠᠮᠠᠭᠠᠯᠠᠬᠤ ᠲᠤᠪᠴᠢᠶ᠎ᠠ | ᠶᠢ ᠪᠠᠶᠢᠴᠠᠭᠠᠨ ᠪᠢᠳᠡᠭᠦᠮᠵᠢᠯᠡᠵᠦ᠂ ᠬᠤᠳᠠ ᠶᠢᠨ ᠠᠷᠠᠳ ᠤᠨ ᠵᠡᠪᠰᠡᠭᠲᠦ ᠬᠡᠯᠳᠡᠰ ᠲᠤ ᠲᠠᠭᠠᠷᠢᠯᠳᠠ ᠬᠢᠪᠡ᠃ | 2 ᠰᠠᠷ᠎ᠠ ᠶᠢᠨ 12 ᠤᠨ ᠡᠳᠦᠷ᠂ ᠬᠠᠶᠢᠷᠤᠪ ᠤᠨ ᠲᠤᠬᠤᠢ ᠬᠤᠳᠠ ᠶᠢᠨ ᠴᠡᠷᠢᠭ ᠠᠴᠠ ᠬᠠᠯᠠᠭᠳᠠᠭᠰᠠᠳ ᠤᠨ | ᠣᠯᠠᠨ ᠲᠦᠮᠡᠨ ᠤ ᠵᠣᠬᠢᠶᠠᠨ ᠪᠠᠶᠢᠭᠤᠯᠤᠯᠲᠠ ︽ᠤᠯᠠᠭᠠᠨ ᠲᠤᠭᠲᠤ ᠴᠡᠷᠢᠭ︾ ᠢ ︽ᠬᠤᠪᠢᠰᠬᠠᠯ ᠤᠨ ᠡᠰᠡᠷᠭᠦᠦ | ᠵᠤᠬᠢᠶᠠᠨ ᠪᠠᠶᠢᠭᠤᠯᠤᠯᠳᠠ︾ ᠬᠡᠵᠦ ᠲᠤᠭᠳᠠᠭᠠᠪᠠ᠃ | 2 ᠰᠠᠷ᠎ᠠ ᠶᠢᠨ 27 ᠤ ᠡᠳᠦᠷ᠂ ᠤᠳᠠ ᠬᠤᠳᠠ ᠶᠢᠨ ᠨᠢᠭᠡᠳᠦᠭᠡᠷ ︽ᠬᠤᠪᠢᠰᠬᠠᠯ ᠤᠨ ᠵᠦᠪᠯᠠᠯ︾ | ᠪᠠᠶᠢᠭᠤᠯᠤᠭᠳᠠᠰᠠᠨ ᠢᠶᠠᠨ ᠨᠡᠶᠢᠳᠡᠯᠡᠪᠡ᠃ | 3 ᠰᠠᠷ᠎ᠠ ᠶᠢᠨ 8 ᠤ ᠡᠳᠦᠷ᠂ ᠤᠳᠠ ᠬᠤᠳᠠ ᠶᠢᠨ ︽ᠬᠤᠪᠢᠰᠬᠠᠯ ᠤᠨ ᠵᠦᠪᠯᠠᠯ︾ ᠠᠴᠠ ᠠᠭᠤᠷᠬᠠᠢ ᠶᠢᠨ | ᠤᠷᠤᠨ ᠤ ᠨᠢᠭᠡ ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠶᠢ ᠲᠡᠮᠵᠢᠵᠦ᠂ ︽ᠤᠳᠠ ᠶᠢᠨ ᠠᠭᠤᠷᠬᠠᠢ | ᠶᠢᠨ ᠣᠷᠣᠨ ᠤ ᠳ᠋ᠦᠩ ᠹᠠᠩ ᠬᠤᠩ ᠶᠡᠷᠦᠩᠭᠡᠢ ᠰᠧᠯᠵᠩᠪᠦ᠋︾᠂ ︽ᠶᠦᠸᠧ ᠶᠢᠨ ᠠᠭᠤᠷᠬᠠᠢ ᠶᠢᠨ ᠳ᠋ᠦᠩ ᠹᠠᠩ | ᠬᠤᠩ ᠶᠡᠷᠦᠩᠬᠡᠢ ᠬᠡᠯᠲᠡᠰ︾ ᠵᠡᠷᠭᠡ ᠨᠦᠬᠦᠬᠡ ᠨᠢᠭᠡ ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠶᠢᠨ | ᠬᠠᠷᠢᠭᠤᠴᠠᠭᠴᠢ ᠪᠤᠯᠤᠨ ᠲᠤᠰ ᠪᠦᠯᠦᠭ ᠢ ᠲᠡᠮᠵᠢᠳᠡᠭ ᠺᠠᠳᠠᠷ ᠢ ᠲᠦᠷ ᠬᠤᠷᠢᠵᠤ᠂ ᠫᠠᠷᠲ᠋ᠢᠽᠠᠨ ᠲᠡᠮᠡᠴᠡᠯ ᠶᠠᠪᠤᠭᠤᠯᠪᠠ | ᠃ | 3 ᠰᠠᠷ᠎ᠠ ᠶᠢᠨ 15 ᠤ ᠡᠳᠦᠷ᠂ ︽ᠤᠳᠠ ᠶᠢᠨ ᠠᠭᠤᠷᠬᠠᠢ ᠶᠢᠨ ᠣᠷᠣᠨ ᠤ ᠳ᠋ᠦᠩ ᠹᠠᠩ ᠬᠤᠩ ᠶᠡᠷᠦᠩᠭᠡᠢ | ᠰᠧᠯᠵᠩᠪᠦ᠋︾ ᠵᠡᠷᠭᠡ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠶᠢ ᠬᠦᠴᠦᠨ ᠦᠭᠡᠢ ᠪᠤᠯᠭᠠᠭᠰᠠᠨ ᠢ ᠨᠡᠶᠢᠳᠡᠯᠡᠪᠡ᠃ | | 4 ᠰᠠᠷ᠎ᠠ ᠶᠢᠨ 2 ᠤᠨ ᠡᠳᠦᠷ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ | ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠨᠢᠭᠡᠳᠦᠭᠡᠷ ︽ᠬᠤᠪᠢᠰᠬᠠᠯ ᠤᠨ ᠵᠦᠪᠯᠠᠯ︾ | ᠪᠠᠶᠢᠭᠤᠯᠤᠭᠳᠠᠰᠠᠨ ᠢᠶᠠᠨ ᠨᠡᠶᠢᠳᠡᠯᠡᠪᠡ᠃ | 4 ᠰᠠᠷ᠎ᠠ ᠶᠢᠨ 13 ᠤ ᠡᠳᠦᠷ᠂ ᠲᠤᠮᠳᠠᠲᠤ ᠣᠯᠣᠰ ᠤᠨ ᠡᠪ ᠬᠠᠮᠲᠤ ᠨᠠᠮ ᠤᠨ ᠲᠦᠪ ᠬᠤᠷᠢᠶᠠᠨ ᠠᠴᠠ ︽ | ᠦᠪᠦᠷ ᠮᠤᠩᠭᠤᠯ ᠤᠨ ᠠᠰᠠᠭᠤᠳᠠᠯ ᠢ ᠰᠢᠢᠳᠪᠦᠷᠢᠯᠡᠬᠦ ᠲᠤᠬᠠᠢ ᠰᠢᠢᠳᠪᠦᠷᠢ︾ ᠶᠢ ᠨᠡᠶᠢᠳᠡᠯᠡᠪᠡ᠂ ︽ᠬᠤ᠋ ᠰᠠᠨ ᠰᠾᠢ | ︾ ᠲᠠᠢ ᠬᠠᠷᠢᠯᠴᠠᠭ᠎ᠠ ᠲᠠᠢ ᠦᠬᠠᠢ ᠣᠷᠣᠨ ᠤ ᠤᠳᠠ ᠬᠤᠳᠠ ᠶᠢᠨ ︽102 ᠶᠡᠷᠦᠩᠬᠡᠢ ᠬᠡᠯᠳᠡᠰ︾᠂ ︽ᠤᠳᠠ | ᠶᠢᠨ ᠠᠭᠤᠷᠬᠠᠢ ᠶᠢᠨ ᠣᠷᠣᠨ ᠤ ᠳ᠋ᠦᠩ ᠹᠠᠩ ᠬᠤᠩ ᠶᠡᠷᠦᠩᠭᠡᠢ ᠰᠧᠯᠵᠩᠪᠦ᠋︾᠂ ︽ᠶᠦᠸᠧ ᠶᠢᠨ ᠠᠭᠤᠷᠬᠠᠢ ᠶᠢᠨ | ᠳ᠋ᠦᠩ ᠹᠠᠩ ᠬᠤᠩ ᠶᠡᠷᠦᠩᠬᠡᠢ ᠬᠡᠯᠲᠡᠰ︾᠂ ᠬᠠᠶᠢᠷᠤᠪ ᠤᠨ ᠲᠤᠬᠤᠢ ᠬᠤᠳᠠ ᠶᠢᠨ ︽ᠬᠠᠢ ᠰᠠᠨ ᠰᠾᠢ︾ ᠵᠡᠷᠭᠡ | ᠨᠢᠭᠡ ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠶᠢ ᠤᠷᠪᠠᠯᠭ᠎ᠠ ᠭᠠᠷᠭᠠᠬᠤ ᠪᠦᠯᠦᠭ ᠬᠡᠵᠦ᠂ ᠨᠦᠬᠦᠭᠡ | ᠨᠢᠭᠡ ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠶᠢ ︽ᠬᠡᠪᠰᠢᠮᠡᠯ ᠵᠤᠬᠢᠶᠠᠨ ᠪᠠᠶᠢᠭᠤᠯᠤᠯᠳᠠ︾ ᠬᠡᠮᠡᠨ | ᠲᠤᠭᠳᠠᠭᠠᠪᠠ᠃ ᠤᠳᠠ ᠬᠤᠳᠠ ᠪᠤᠯᠤᠨ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ ᠦᠢᠯᠡᠳᠪᠦᠷᠢ ᠶᠢᠨ | ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠪᠠᠶᠢᠭᠤᠯᠤᠭᠰᠠᠨ ᠨᠢᠭᠡᠳᠦᠭᠡᠷ ︽ᠬᠤᠪᠢᠰᠬᠠᠯ ᠤᠨ | ᠵᠦᠪᠯᠠᠯ︾ ᠢ ︽ᠪᠤᠷᠤᠭᠤ ᠱᠤᠭᠤᠮ︾ ᠤᠨ ᠪᠦᠲᠦᠭᠡᠭᠳᠡᠭᠦᠨ ᠬᠡᠮᠡᠨ ᠲᠤᠭᠳᠠᠭᠠᠵᠤ᠂ ︽ᠦᠪᠦᠷ ᠮᠤᠩᠭᠤᠯ ᠤᠨ | ᠬᠤᠶᠠᠳᠣᠭᠠᠷ ᠰᠠᠷ᠎ᠠ ᠶᠢᠨ ᠰᠦᠷᠬᠡᠤ ᠤᠷᠣᠰᠬᠠᠯ︾ ᠬᠡᠵᠦ᠂ ᠣᠯᠠᠨ ᠺᠠᠳᠠᠷ᠂ ᠣᠯᠠᠨ ᠲᠦᠮᠡᠨ ︽ᠬᠤᠶᠠᠳᠣᠭᠠᠷ | ᠰᠠᠷ᠎ᠠ ᠶᠢᠨ ᠰᠦᠷᠬᠡᠤ ᠤᠷᠣᠰᠬᠠᠯ ᠤᠨ ᠭᠠᠪᠰᠢᠭᠠᠶᠢᠯᠠᠭᠴᠢ︾᠂ ︽ᠬᠤᠰᠢᠭᠤᠴᠢ︾ ᠬᠡᠮᠡᠨ ᠭᠦᠳᠭᠡᠭᠳᠡᠵᠦ᠂ | ᠰᠢᠭᠦᠮᠵᠢᠯᠡᠯ ᠪᠤᠷᠤᠭᠤᠰᠢᠶᠠᠯ ᠬᠦᠷᠳᠡᠪᠡ᠃ | 5 ᠰᠠᠷ᠎ᠠ ᠶᠢᠨ 21 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠨᠢᠭᠡ ᠪᠦᠯᠦᠭ ᠬᠦᠮᠦᠰ ᠷᠠᠰᠠᠩ | ᠰᠦᠮ᠎ᠡ ᠳᠤ ︽ᠦᠪᠦᠷ ᠮᠤᠩᠭᠤᠯ ᠤᠨ ᠬᠤᠶᠠᠳᠣᠭᠠᠷ ᠫᠤᠤ︾ ᠬᠡᠮᠡᠬᠦ ᠬᠠᠭᠤᠷᠮᠠᠭ ᠬᠡᠷᠡᠭ ᠢ ᠡᠭᠦᠰᠬᠡᠪᠡ᠂ ᠨᠢᠭᠡ | ᠪᠦᠯᠦᠭ ᠳᠣᠲᠣᠭᠠᠳᠤ ᠶᠢ ᠬᠠᠮᠠᠭᠠᠯᠠᠬᠤ ᠺᠠᠳ᠋ᠷ ᠴᠠᠭᠳᠠᠭ᠎ᠠ ᠬᠤᠷᠢᠭᠳᠠᠪᠠ᠃ | 5 ᠰᠠᠷ᠎ᠠ ᠶᠢᠨ 27 ~ 30 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ︽ᠬᠠᠢ ᠰᠠᠨ ᠰᠾᠢ︾ | ᠵᠡᠷᠭᠡ ᠨᠢᠭᠡ ᠪᠦᠯᠦᠭ ᠣᠯᠠᠨ ᠲᠦᠮᠡᠨ ᠤ ᠵᠣᠬᠢᠶᠠᠨ ᠪᠠᠶᠢᠭᠤᠯᠤᠯᠲᠠ ᠬᠤᠳᠠ ᠶᠢᠨ ᠨᠠᠮ ᠤᠨ ᠬᠤᠷᠢᠶᠠᠨ ᠤ ᠶᠡᠭᠡ | ᠠᠰᠠᠷ ᠢ ᠪᠦᠰᠡᠯᠡᠵᠦ᠂ ᠺᠠᠳᠠᠷ ᠤᠯᠠᠨ ᠲᠦᠮᠡᠨ ᠳᠤ ᠫᠠᠷᠲ᠋ᠢᠽᠠᠨ ᠲᠡᠮᠡᠴᠡᠯ ᠶᠠᠪᠤᠭᠤᠯᠪᠠ᠃ | 6 ᠰᠠᠷ᠎ᠠ ᠶᠢᠨ 2 ᠤᠨ ᠡᠳᠦᠷ᠂ ᠤᠳᠠ ᠬᠤᠳᠠ᠂ ᠾᠧ ᠯᠠᠨ ᠱᠠᠨ ᠠᠭᠤᠯᠠ ᠶᠢᠨ ᠨᠡᠭᠦᠷᠡᠰᠦᠨ ᠠᠵᠤ | ᠦᠢᠯᠡᠳᠪᠦᠷᠢ ᠶᠢᠨ ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠨᠢᠭᠡᠳᠦᠭᠡᠷ ︽ᠬᠤᠪᠢᠰᠬᠠᠯ ᠤᠨ | ᠵᠦᠪᠯᠠᠯ︾ ᠦᠪᠦᠷ ᠮᠤᠩᠭᠤᠯ ᠤᠨ ᠬᠤᠪᠢᠰᠬᠠᠯ ᠤᠨ ᠵᠦᠪᠯᠠᠯ ᠤᠨ ᠪᠠᠯᠠᠣᠠᠬᠡᠯ ᠳᠣᠭᠤᠢᠢᠯᠠᠩ ᠤᠨ ᠵᠦᠪᠰᠢᠶᠡᠷᠡᠯ ᠢ | ᠤᠯᠤᠭᠰᠠᠨ ᠦᠭᠡᠢ ᠠᠴᠠ ᠪᠤᠯᠵᠤ ᠲᠠᠷᠬᠠᠭᠠᠪᠠ᠃ | 6 ᠰᠠᠷ᠎ᠠ ᠶᠢᠨ 5 ᠤ ᠡᠳᠦᠷ᠂ ᠲᠤᠮᠳᠠᠳᠤ ᠤᠯᠤᠰ ᠤᠨ ᠠᠷᠠᠤᠡ ᠤᠨ ᠴᠵᠯᠤᠭᠡᠯᠠᠬᠦ ᠴᠡᠷᠵᠭ ᠤᠨ4932 | ᠴᠡᠷᠢᠭ ᠠᠩᠭᠢ ᠣᠳᠠ ᠳᠤ ᠣᠷᠣᠵᠣ ᠰᠠᠭᠤᠪᠠ᠃ | 6 ᠰᠠᠷ᠎ᠠ ᠶᠢᠨ 11 ᠤ ᠡᠳᠦᠷ᠂ ᠦᠪᠦᠷ ᠮᠤᠩᠭᠤᠯ ᠤᠨ ᠴᠡᠷᠢᠭ ᠤᠨ ᠲᠤᠭᠤᠷᠢᠭ ᠵᠠᠷᠯᠢᠭ ᠢᠶᠠᠷ ᠤᠳᠠ ᠶᠢᠨ | ᠠᠭᠤᠷᠬᠠᠢ ᠶᠢᠨ ᠤᠷᠤᠨ ᠳᠤ ᠴᠡᠷᠢᠭ ᠤᠨ ᠵᠠᠬᠢᠷᠣᠯᠳᠠ ᠬᠡᠷᠡᠭᠵᠢᠬᠦᠯᠪᠡ᠃ | 6 ᠰᠠᠷ᠎ᠠ ᠶᠢᠨ 17 ᠤ ᠡᠳᠦᠷ᠂ ᠣᠳᠠ ᠶᠢᠨ ᠠᠭᠤᠷᠬᠠᠢ ᠶᠢᠨ ᠤᠷᠤᠨ ᠤ ᠴᠡᠷᠢᠭ ᠤᠨ ᠵᠠᠬᠢᠷᠣᠯᠳᠠ ᠶᠢᠨ | ᠵᠦᠪᠯᠡᠯ ᠪᠠᠶᠢᠭᠤᠯᠤᠭᠳᠠᠪᠠ᠃ ᠬᠡᠰᠢᠭᠲᠦᠭ᠌ᠳᠠᠬᠤ ᠴᠡᠷᠢᠭ ᠤᠨ ᠵᠠᠬᠢᠷᠣᠯᠳᠠ ᠶᠢᠨ ᠵᠦᠪᠯᠡᠯ ᠤᠨ ᠡᠷᠬᠢᠯᠡᠭᠴᠢ ᠶᠢᠨ | ᠲᠤᠰᠢᠶᠠᠯ ᠢ ᠡᠭᠦᠷᠭᠡᠯᠡᠪᠡ᠃ | 9 ᠰᠠᠷ᠎ᠠ ᠶᠢᠨ 19 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠬᠤᠪᠢᠰᠬᠠᠯ ᠤᠨ ᠵᠦᠪᠯᠡᠯ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠤᠪᠢᠰᠬᠠᠯ ᠤᠨ ᠵᠦᠪᠯᠡᠯ ᠤᠨ ᠪᠡᠯᠡᠳᠭᠡᠯ ᠲᠤᠭᠤᠶᠢᠯᠠᠩ ᠤᠨ | ᠵᠦᠪᠰᠢᠶᠡᠷᠡᠯ ᠢ ᠤᠯᠵᠤ ᠪᠠᠶᠢᠭᠤᠯᠤᠭᠳᠠᠭᠰᠠᠨ ᠢᠶᠠᠨ ᠵᠠᠷᠯᠠᠪᠠ᠂ ᠦᠪᠦᠷ ᠮᠤᠩᠭᠤᠯ ᠤᠨ ᠨᠢᠭᠡᠳᠦᠭᠡᠷ ᠬᠤᠰᠢᠭᠤ ᠰᠢᠶᠠᠨ | ᠤ ᠲᠡᠰ ᠤᠨ ︽ᠤᠯᠠᠭᠠᠨ ᠵᠠᠰᠠᠭ︾ ᠪᠤᠯᠤᠨ᠎ᠠ᠂ ᠯᠢᠦ ᠬᠤᠸᠠ ᠪᠦᠸᠧ ᠬᠤᠪᠢᠰᠬᠠᠯ ᠤᠨ ᠵᠦᠪᠯᠡᠯ ᠤᠨ ᠡᠷᠬᠢᠯᠡᠭᠴᠢ | ᠶᠢᠨ ᠲᠤᠰᠢᠶᠠᠯ ᠢ ᠡᠭᠦᠷᠭᠡᠯᠡᠪᠡ᠃ 10 ᠰᠠᠷ᠎ᠠ ᠳᠤ᠂ ᠬᠤᠪᠢᠰᠬᠠᠯ ᠤᠨ ᠵᠦᠪᠯᠡᠯ ᠤᠨ ᠨᠠᠮ ᠤᠨ ᠤᠳᠤᠷᠢᠳᠬᠤ | ᠳᠤᠭᠤᠶᠢᠯᠠᠩ ᠢ ᠪᠠᠶᠢᠭᠤᠯᠪᠠ᠃ ᠯᠢᠦ ᠬᠤᠸᠠ ᠪᠦᠸᠧ ᠲᠤᠭᠤᠶᠢᠯᠠᠩ ᠤᠨ ᠲᠠᠷᠤᠭ᠎ᠠ ᠶᠢᠨ ᠲᠤᠰᠢᠶᠠᠯ ᠢ ᠡᠭᠦᠷᠭᠡᠯᠡᠪᠡ᠃ | 12 ᠰᠠᠷ᠎ᠠ ᠶᠢᠨ 4 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ᠬᠤᠪᠢᠰᠬᠠᠯ ᠤᠨ ᠵᠦᠪᠯᠡᠯ | ᠵᠢᠷᠭᠤᠳᠤᠭᠠᠷ ᠤᠳᠠᠭᠠᠨ ᠤ ᠪᠦᠬᠦ ᠬᠡᠰᠢᠭᠦᠳ ᠤᠨ ᠦᠷᠭᠡᠳᠭᠡᠭᠰᠡᠨ ᠬᠤᠷᠠᠯ ᠬᠢᠵᠦ᠂ ᠤᠤᠯ ᠤᠨ ᠬᠤᠳᠠ ᠶᠢᠨ ᠨᠠᠮ | ᠤᠨ ᠬᠤᠷᠢᠶᠠᠨ ᠤ ᠲᠡᠳ᠋ ᠱᠦᠵᠢ ᠯᠢᠦ ᠴᠠᠩ ᠪᠢᠨ ᠢ ︽ᠲᠤᠮᠳᠠᠲᠤ ᠤᠨ ᠾᠷᠦ᠋ᠱᠸᠧ᠂ ᠦᠪᠦᠷ ᠮᠤᠩᠭᠤᠯ ᠤᠨ ᠤᠲᠤ | ᠦᠶ᠎ᠡ ᠶᠢᠨ ᠸᠠᠩ ᠨᠤᠶᠠᠨ ᠤᠯᠠᠭᠠᠨᠬᠦᠦ ᠶᠢᠨ ᠬᠠᠶᠢᠷᠣᠪ ᠤᠨ ᠲᠤᠬᠤᠢ ᠬᠤᠳᠠ ᠳᠠᠬᠢ ᠣᠷᠣᠯᠠᠭᠴᠢ ᠬᠦᠮᠦᠨ︾ ᠬᠡᠮᠡᠬᠦ | ᠰᠢᠯᠳᠠᠭ ᠢᠶᠠᠷ ᠪᠦᠬᠦ ᠬᠤᠳᠠ ᠶᠢᠨ ᠬᠡᠪᠴᠢᠶᠠᠨ ᠳᠤ ᠰᠢᠭᠦᠮᠵᠢᠯᠡᠬᠦ ᠲᠡᠮᠡᠴᠡᠯ ᠶᠠᠪᠤᠭᠤᠯᠪᠠ᠃ | 12 ᠰᠠᠷ᠎ᠠ ᠶᠢᠨ 26 ᠤ ᠡᠳᠦᠷ᠂ ᠦᠪᠡᠷᠳᠡᠭᠡᠨ ᠵᠠᠰᠠᠬᠤ ᠤᠷᠤᠨ ᠤ ᠬᠤᠪᠢᠰᠬᠠᠯ ᠤᠨ ᠵᠦᠪᠯᠡᠯ ᠤᠨ | ᠵᠦᠪᠰᠢᠶᠡᠷᠡᠯ ᠢᠶᠠᠷ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠬᠤᠪᠢᠰᠬᠠᠯ ᠤᠨ ᠵᠦᠪᠯᠡᠯ | ᠪᠠᠶᠢᠭᠤᠯᠤᠭᠳᠠᠵᠤ᠂ ᠴᠡᠷᠢᠭ ᠤᠨ ᠲᠦᠯᠦᠭᠡᠯᠡᠭᠴᠢ ᠬᠡᠰᠢᠭᠲᠦᠭ᠌ᠲᠠᠬᠤ ᠬᠤᠪᠢᠰᠬᠠᠯ ᠤᠨ ᠵᠦᠪᠯᠡᠯ ᠤᠨ ᠡᠷᠬᠢᠯᠡᠭᠴᠢ ᠶᠢᠨ | ᠲᠤᠰᠢᠶᠠᠯ ᠢ ᠡᠭᠦᠷᠭᠡᠯᠡᠪᠡ᠃ | ᠲᠤᠰ ᠵᠢᠯ᠂ ᠤᠳᠠ ᠶᠢᠨ ᠠᠭᠤᠷᠬᠠᠢ ᠶᠢᠨ ᠲᠤᠪᠴᠢᠶᠠᠨ ᠤ ᠨᠡᠭᠦᠷᠡᠰᠦᠨ ᠤ ᠭᠠᠷᠣᠯᠳᠠ 1966 ᠣᠨ ᠤ | 191 ᠲᠦᠮᠡᠨ ᠲᠤᠨ ᠠᠴᠠ ᠪᠠᠭᠤᠷᠠᠵᠤ 124 ᠲᠦᠮᠡᠨ ᠲᠤᠨ ᠪᠤᠯᠵᠤ᠂ ᠲᠤᠰ ᠵᠢᠯ ᠳᠤ 276 ᠲᠦᠮᠡᠨ | ᠲᠦᠭᠦᠷᠢᠭ ᠤᠨ ᠬᠤᠬᠢᠷᠠᠯ ᠭᠠᠷᠪᠠ᠃ | | 1968 ᠣᠨ᠄ | 1 ᠰᠠᠷ᠎ᠠ ᠶᠢᠨ 27 ᠤ ᠡᠳᠦᠷ᠂ ᠬᠠᠶᠢᠷᠣᠪ ᠤᠨ ᠲᠤᠬᠤᠢ ᠬᠤᠳᠠ ᠶᠢᠨ ︽ᠤᠯᠠᠨ ᠲᠦᠮᠡᠨ ᠤ | ᠲᠠᠷᠤᠩᠭᠤᠵᠵᠯᠠᠬᠤ ᠵᠠᠰᠠᠭ ᠤᠨ ᠵᠢᠯᠤᠭᠤᠳᠬᠤ ᠭᠠᠵᠠᠷ︾ ᠪᠠᠶᠢᠭᠤᠯᠤᠭᠳᠠᠪᠠ᠃ 29 ᠤ ᠡᠳᠦᠷ ᠤᠨ ᠬᠠᠷ᠎ᠠ ᠦᠷᠯᠦᠭᠡ᠂ | ︽ᠭᠤᠶᠠᠴᠢᠯᠠᠬᠰᠠᠠ ᠡᠳᠡᠭᠡᠳ ᠤᠨ ᠦᠯᠠᠳᠡᠭᠳᠠᠯ ᠤᠳ︾᠂ ︽ᠬᠡᠪᠰᠢᠮᠡᠯ ᠵᠤᠬᠢᠶᠠᠨ ᠪᠠᠶᠢᠭᠤᠯᠤᠯᠳᠠ ᠶᠢᠨ | ᠦᠯᠡᠳᠡᠭᠳᠡᠯ ᠤᠳ︾ ᠲᠤ ︽ ᠤᠯᠠᠨ ᠲᠦᠮᠡᠨ ᠤ ᠲᠠᠷᠤᠩᠭᠤᠵᠵᠯᠠᠬᠤ ᠵᠠᠰᠠᠭ︾ ᠶᠠᠪᠤᠭᠤᠯᠪᠠ᠃ | 3 ᠰᠠᠷ᠎ᠠ ᠶᠢᠨ 28 ᠤ ᠡᠳᠦᠷ᠂ ᠦᠪᠦᠷ ᠮᠤᠩᠭᠤᠯ ᠤᠨ ᠦᠪᠷᠳᠡᠭᠡᠨ ᠵᠠᠰᠠᠬᠤ ᠤᠷᠤᠨ ᠤ ᠬᠤᠪᠢᠰᠬᠠᠯ ᠤᠨ | ᠵᠦᠪᠯᠡᠯ ᠤᠨ ᠵᠦᠪᠰᠢᠶᠡᠷᠡᠯ ᠢᠶᠠᠷ ᠤᠳᠠ ᠬᠤᠳᠠ ᠶᠢᠨ ᠬᠤᠪᠢᠰᠬᠠᠯ ᠤᠨ ᠵᠦᠪᠯᠡᠯ ᠪᠠᠶᠢᠭᠤᠯᠤᠭᠳᠠᠪᠠ᠃ ᠴᠡᠷᠢᠭ ᠤᠨ | ᠲᠦᠯᠦᠭᠡᠯᠡᠭᠴᠢ ᠰᠢᠶᠦ᠋ᠩ ᠨᠠᠢ ᠴᠧᠩ ᠡᠷᠭᠢᠯᠡᠭᠴᠢ᠂ ᠯᠢ ᠶᠢᠨ ᠳ᠋ᠦᠸᠧ ᠲᠡᠳ᠋ ᠡᠷᠬᠢᠯᠡᠭᠴᠢ ᠶᠢᠨ ᠲᠤᠰᠢᠶᠠᠯ ᠢ | ᠡᠭᠦᠷᠭᠡᠯᠡᠪᠡ᠃ | ▲ ᠨᠡᠭᠦᠷᠡᠰᠦᠨ ᠤ ᠶᠠᠮᠤᠨ ᠤ ᠨᠠᠶᠠᠨ ᠲᠤᠯᠤᠳᠤᠭᠠᠷ ᠬᠤᠤᠠᠳᠤᠭ ᠭᠠᠷᠭᠠᠬᠤ ᠪᠠᠷᠢᠯᠭ᠎ᠠ ᠶᠢᠨ ᠭᠠᠵᠠᠷ ᠤᠳᠠ | ᠶᠢᠨ ᠡᠣ ᠬᠤ᠋ ᠱᠠᠨ ᠨᠡᠭᠦᠷᠡᠰᠦᠨ ᠠᠭᠤᠷᠬᠠᠢ ᠳᠤ ᠬᠤᠳᠳᠤᠭ ᠭᠠᠷᠭᠠᠵᠤ ᠪᠠᠶᠢᠭ᠎ᠠ ᠠᠵᠢᠯ ᠤᠨ ᠲᠤᠮᠳᠠ ᠭᠠᠰ | ᠲᠡᠯᠪᠡᠷᠡᠭᠰᠡᠨ ᠠᠳᠡᠯ ᠭᠠᠷᠴᠤ᠂ 8 ᠬᠦᠮᠦᠨ ᠦᠬᠦᠵᠦ᠂ 5 ᠬᠦᠮᠦᠨ ᠬᠦᠨᠲᠤ ᠰᠢᠷᠬᠠᠳᠣᠪᠠ᠃ | 3 ᠰᠠᠷ᠎ᠠ ᠶᠢᠨ 30 ᠤ ᠡᠳᠦᠷ ~ 5 ᠰᠠᠷ᠎ᠠ ᠶᠢᠨ 13 ᠤ ᠡᠳᠦᠷ᠂ ᠤᠳᠠ ᠶᠢᠨ ᠠᠭᠤᠷᠬᠠᠢ ᠶᠢᠨ ᠶᠠᠪᠤᠳᠠᠯ | ᠤᠨ ᠲᠤᠪᠴᠢᠶᠠᠨ ᠤ ᠬᠤᠪᠢᠰᠬᠠᠯ ᠤᠨ ᠵᠦᠪᠯᠡᠯ ᠬᠦᠬᠡᠬᠤᠳᠠ ᠳᠤ ᠲᠠᠪᠤᠳᠣᠭᠠᠷ ᠤᠳᠠᠭᠠᠨ ᠤ ᠪᠦᠬᠦ ᠭᠡᠰᠢᠭᠦᠳ ᠤᠨ | ᠦᠷᠭᠡᠳᠭᠡᠭᠰᠡᠨ ᠶᠡᠭᠡ ᠬᠤᠷᠠᠯ ᠬᠤᠷᠠᠯᠳᠤᠪᠠ᠃ 5 ᠰᠠᠷ᠎ᠠ ᠶᠢᠨ 20 ᠤ ᠡᠳᠦᠷ᠂ ᠦᠪᠦᠷ ᠮᠤᠩᠭᠤᠯ ᠤᠨ | ᠦᠪᠡᠷᠳᠡᠭᠡᠨ ᠵᠠᠰᠠᠬᠤ ᠣᠷᠣᠨ ᠤ ᠬᠤᠪᠢᠰᠬᠠᠯ ᠤᠨ ᠵᠦᠪᠯᠡᠯ ᠠᠴᠠ ︽ᠤᠳᠠ ᠶᠢᠨ ᠠᠭᠤᠷᠬᠠᠢ ᠶᠢᠨ ᠶᠠᠪᠤᠳᠠᠯ ᠤᠨ | ᠲᠤᠪᠴᠢᠶᠠᠨ ᠤ ᠬᠤᠪᠢᠰᠬᠠᠯ ᠤᠨ ᠵᠦᠪᠯᠡᠯ ᠤᠨ ᠲᠠᠪᠤᠳᠣᠭᠠᠷ ᠤᠳᠠᠭᠠᠨ ᠤ ᠪᠦᠬᠦ ᠭᠡᠰᠢᠭᠦᠳ ᠤᠨ ᠦᠷᠭᠡᠳᠭᠡᠭᠰᠡᠨ | ᠶᠡᠭᠡ ᠬᠤᠷᠠᠯ ᠤᠨ ᠲᠤᠬᠠᠢ ᠴᠣᠬᠤᠯᠠᠪᠦᠷᠢᠯᠠᠯ ᠬᠠᠷᠢᠭᠤᠯᠳᠠ︾ ᠳᠤ᠂ ᠣᠣᠯ ᠤᠨ ᠾᠧ ᠯᠠᠨ ᠱᠠᠨ ᠠᠭᠤᠯᠠ ᠶᠢᠨ | ᠨᠡᠭᠦᠷᠡᠰᠦᠨ ᠺᠤᠮᠫᠠᠨᠢ ᠶᠢᠨ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶᠢᠨ ᠨᠠᠮ ᠤᠨ ᠬᠤᠷᠢᠶᠠᠨ ᠤ ᠱᠦᠵᠢ ᠵᠠᠩ | ᠰᠢᠤᠸᠡᠢ ᠷᠤ᠋᠂ ᠬᠠᠷᠢᠭᠤᠴᠠᠭᠴᠢ ᠮᠢᠶᠤᠤ ᠱᠤ᠋ ᠲᠠᠩ᠂ ᠲᠡᠳ᠋ ᠬᠠᠷᠢᠭᠤᠴᠠᠭᠴᠢ ᠴᠠᠩ ᠵᠦᠩ ᠱᠠᠨ ᠢ ︽ᠤᠯᠠᠭᠠᠨᠬᠦᠦ | ᠶᠢᠨ ᠨᠠᠮ ᠢ ᠡᠰᠡᠷᠭᠦᠴᠡᠵᠦ ᠤᠯᠤᠰ ᠠᠴᠠ ᠳᠡᠷᠰᠡᠯᠡᠭᠰᠡᠨ ᠪᠦᠯᠦᠭ ᠤᠨ ᠤᠳᠠ ᠶᠢᠨ ᠠᠭᠤᠷᠬᠠᠢ ᠶᠢᠨ ᠶᠠᠪᠤᠳᠠᠯ ᠤᠨ | ᠲᠤᠪᠴᠢᠶᠠᠨ ᠳᠠᠬᠢ ᠤᠷᠤᠯᠠᠭᠴᠢ ᠬᠦᠮᠦᠨ︾ ᠢᠶᠠᠷ ᠲᠤᠳᠤᠯᠠᠪᠠ᠃ | 9 ᠰᠠᠷ᠎ᠠ ᠶᠢᠨ 10 ᠤ ᠡᠳᠦᠷ᠂ ᠦᠪᠦᠷ ᠮᠤᠩᠭᠤᠯ ᠤᠨ ᠦᠪᠷᠳᠡᠭᠡᠨ ᠵᠠᠰᠠᠬᠤ ᠤᠷᠤᠨ ᠤ ᠬᠤᠪᠢᠰᠬᠠᠯ ᠤᠨ | ᠵᠦᠪᠯᠡᠯ ᠠᠴᠠ ᠪᠤᠭᠤᠲᠤ ᠶᠢᠨ ᠬᠤᠶᠠᠳᠣᠭᠠᠷ ᠲᠠᠮᠦᠷᠯᠵᠭ ᠤᠨ ᠪᠦᠳᠤᠭᠡᠡ ᠪᠠᠶᠢᠭᠤᠯᠤᠯᠳᠡ ᠶᠢᠨ ᠺᠤᠮᠫᠠᠨᠢ ᠶᠢᠨ ᠮᠢᠩᠭ᠎ᠠ | ᠤᠷᠴᠢᠮ ᠤᠨ ᠠᠵᠢᠯᠴᠢᠨ ᠢᠶᠠᠷ ᠪᠦᠷᠢᠯᠳᠦᠭᠰᠡᠨ ︽ᠠᠵᠢᠯᠴᠢᠨ ᠤ ᠮᠡᠤ ᠽᠧ ᠳ᠋ᠦᠩ ᠤᠨ ᠦᠵᠡᠯ ᠰᠠᠨᠠᠭ᠎ᠠ ᠶᠢ | ᠣᠬᠠᠭᠤᠯᠬᠤ ᠠᠩᠬᠢ︾ ᠶᠢ ᠣᠳᠠ ᠣᠷᠣᠨ ᠳᠤ ᠰᠠᠭᠤᠯᠭᠠᠪᠠ᠃ | 9 ᠰᠠᠷ᠎ᠠ ᠶᠢᠨ 17 ᠤ ᠡᠳᠦᠷ᠂ ︽ᠪᠤᠭᠤᠲᠤ ᠶᠢᠨ ᠠᠵᠢᠯᠴᠢᠨ ᠤ ᠤᠬᠠᠭᠤᠯᠬᠤ ᠠᠩᠭᠢ ᠶᠢᠨ ᠣᠳᠠ ᠶᠢᠨ | ᠵᠢᠯᠤᠭᠤᠳᠬᠤ ᠬᠠᠵᠠᠷ︾ ᠠᠴᠠ ᠲᠦᠮᠡᠨ ᠬᠦᠮᠦᠨ ᠤ ᠶᠡᠭᠡ ᠬᠤᠷᠠᠯ ᠬᠤᠷᠠᠯᠳᠣᠵᠣ᠂ ᠨᠢᠭᠡᠳᠦᠭᠡᠷ ᠨᠤᠮᠧᠷᠲᠤ ᠠᠯᠪᠠᠨ | ᠮᠡᠳᠡᠭᠡ ᠨᠡᠶᠢᠳᠡᠯᠡᠵᠦ᠂ ︽ᠤᠯᠠᠭᠠᠨᠬᠦᠦ ᠶᠢᠨ ᠬᠠᠷ᠎ᠠ ᠱᠤᠭᠤᠮ ᠢ ᠮᠠᠯᠳᠠᠬᠤ᠂ ᠤᠯᠠᠭᠠᠨᠬᠦᠦ ᠶᠢᠨ ᠳᠠᠷᠬᠠᠮᠠᠯ ᠬᠤᠣᠷ ᠢ | ᠠᠷᠢᠯᠭᠠᠬᠤ︾ ᠬᠡᠮᠡᠨ ᠮᠠᠯᠳᠠᠵᠤ ᠠᠷᠢᠯᠭᠠᠬᠤ ᠲᠡᠮᠡᠴᠡᠯ ᠦᠷᠨᠢᠬᠦᠯᠪᠡ᠃ | 9 ᠰᠠᠷ᠎ᠠ ᠶᠢᠨ 21 ᠤ ᠡᠳᠦᠷ᠂ ᠬᠠᠶᠢᠷᠤᠪ ᠤᠨ ᠲᠤᠬᠤᠢ ᠬᠤᠳᠠ ᠶᠢᠨ ᠬᠤᠪᠢᠰᠬᠠᠯ ᠤᠨ ᠵᠦᠪᠯᠡᠯ ᠠᠴᠠ | 297 ᠬᠦᠮᠦᠨ ᠢᠶᠠᠷ ᠪᠦᠷᠢᠯᠳᠦᠭᠰᠡᠨ ︽ᠠᠵᠢᠯᠴᠢᠨ ᠤ ᠮᠡᠤ ᠽᠧ ᠳ᠋ᠦᠩ ᠤᠨ ᠦᠵᠡᠯ ᠰᠠᠨᠠᠭ᠎ᠠ ᠶᠢ ᠣᠬᠠᠭᠤᠯᠬᠤ | ᠠᠩᠬᠢ︾ ᠶᠢ ᠠᠯᠪᠠᠨ ᠪᠠᠶᠢᠭᠤᠯᠭ᠎ᠠ᠂ ᠰᠣᠷᠭᠠᠭᠤᠯᠢ ᠵᠡᠷᠭᠡ 18 ︽ᠪᠡᠷᠬᠡ ᠲᠦᠪᠡᠭᠲᠡᠢ︾ ᠪᠠᠶᠢᠭᠤᠯᠭ᠎ᠠ ᠳᠤ | ᠰᠠᠭᠤᠯᠭᠠᠵᠤ᠂ ︽ᠲᠡᠮᠡᠴᠡᠬᠦ᠂ ᠰᠢᠬᠦᠮᠵᠢᠯᠡᠬᠦ᠂ ᠵᠠᠰᠠᠪᠤᠷᠢᠯᠠᠬᠤ︾ ᠬᠦᠳᠡᠯᠭᠡᠭᠡᠨ ᠶᠠᠪᠤᠭᠳᠠᠭᠤᠯᠪᠠ᠃ | 10 ᠰᠠᠷ᠎ᠠ ᠶᠢᠨ 10 ᠤ ᠡᠳᠦᠷ᠂ ︽ᠪᠤᠭᠤᠲᠤ ᠶᠢᠨ ᠠᠵᠢᠯᠴᠢᠨ ᠤ ᠤᠬᠠᠭᠤᠯᠬᠤ ᠠᠩᠭᠢ ᠶᠢᠨ ᠤᠳᠠ ᠶᠢᠨ | ᠵᠢᠯᠤᠭᠤᠳᠬᠤ ᠬᠠᠵᠠᠷ︾ ᠯᠢᠶᠠᠩ ᠵᠢᠶᠠ ᠭᠸᠤ ᠳᠤ 17000 ᠬᠦᠮᠦᠨ ᠤ ᠶᠡᠭᠡ ᠬᠤᠷᠠᠯ ᠬᠤᠷᠠᠯᠳᠣᠵᠣ᠂ ︽ | ᠲᠤᠮᠳᠠᠲᠤ ᠤᠨ ᠾᠷᠦ᠋ᠱᠸᠧ ᠬᠢᠭᠡᠳ ᠦᠪᠦᠷ ᠮᠤᠩᠭᠤᠯ ᠤᠨ ᠤᠲᠤ ᠦᠶ᠎ᠡ ᠶᠢᠨ ᠸᠠᠩ ᠨᠤᠶᠠᠨ ᠤᠯᠠᠭᠠᠨᠬᠦᠦ ᠶᠢᠨ | ᠣᠳᠠ ᠳᠠᠬᠢ ᠣᠷᠣᠯᠠᠭᠴᠢ ᠬᠦᠮᠦᠨ ᠵᠠᠩ ᠰᠢᠣᠸᠡᠢ ᠷᠤ᠋᠂ ᠮᠢᠶᠤᠤ ᠱᠤ᠋ ᠲᠠᠩ᠂ ᠸᠠᠩ ᠵᠦᠩ ᠱᠠᠨ︾ ᠳᠤ | ᠰᠢᠭᠦᠮᠵᠢᠯᠡᠯ ᠲᠡᠮᠡᠴᠡᠯ ᠶᠠᠪᠤᠭᠤᠯᠪᠠ᠃ ᠤᠳᠠᠯ ᠦᠭᠡᠢ᠂ ᠤᠤᠯ ᠤᠨ ᠣᠳᠠ ᠬᠤᠳᠠ ᠶᠢᠨ ᠨᠠᠮ ᠤᠨ ᠬᠤᠷᠢᠶᠠᠨ ᠤ | ᠱᠦᠵᠢ᠂ ᠤᠳᠠ ᠬᠤᠳᠠ ᠶᠢᠨ ᠬᠤᠪᠢᠰᠬᠠᠯ ᠤᠨ ᠵᠦᠪᠯᠡᠯ ᠤᠨ ᠲᠡᠳ᠋ ᠡᠷᠬᠢᠯᠡᠭᠴᠢ ᠯᠢ ᠶᠢᠨ ᠳ᠋ᠦᠸᠧ ᠪᠠᠰᠠ ︽ᠤᠲᠤ | ᠦᠶ᠎ᠡ ᠶᠢᠨ ᠸᠠᠩ ᠨᠤᠶᠠᠨ ᠤᠯᠠᠭᠠᠨᠬᠦᠦ ᠶᠢᠨ ᠣᠳᠠ ᠳᠠᠬᠢ ᠣᠷᠣᠯᠠᠭᠴᠢ ᠬᠦᠮᠦᠨ︾ ᠪᠤᠯᠵᠤ᠂ ᠰᠢᠭᠦᠮᠵᠢᠯᠡᠯ ᠲᠡᠮᠡᠴᠡᠯ | ᠭᠦᠷᠳᠡᠪᠡ᠃ | 12 ᠰᠠᠷ᠎ᠠ ᠶᠢᠨ 28 ᠤ ᠡᠳᠦᠷ᠂ ︽ᠪᠤᠭᠤᠲᠤ ᠶᠢᠨ ᠠᠵᠢᠯᠴᠢᠨ ᠤ ᠤᠬᠠᠭᠤᠯᠬᠤ ᠠᠩᠭᠢ︾ ᠣᠳᠠ ᠣᠷᠣᠨ | ᠳᠤ ᠬᠤᠪᠢᠰᠬᠠᠯ ᠤᠨ ᠡᠰᠡᠷᠬᠦᠦ ᠵᠤᠬᠢᠶᠠᠨ ᠪᠠᠶᠢᠭᠤᠯᠤᠯᠳᠠ ᠬᠡᠮᠡᠭᠳᠡᠳᠡᠭ ︽ᠰᠢᠨ᠎ᠡ ᠦᠪᠦᠷ ᠠᠷᠠᠳ ᠤᠨ ᠨᠠᠮ︾ ᠵᠢᠴᠢ | ᠲᠡᠭᠦᠨ ᠤ ᠬᠤᠪᠢᠯᠪᠤᠷᠢ ᠵᠤᠬᠢᠶᠠᠨ ᠪᠠᠶᠢᠭᠤᠯᠤᠯᠳᠠ ︽ᠶᠡᠭᠡ ᠵᠢᠷᠤᠮᠲᠤ ᠨᠠᠮ︾ ᠢ ᠡᠬᠢᠯᠡᠨ ᠮᠠᠯᠳᠠᠪᠠ᠃ | ᠲᠤᠰ ᠰᠠᠷ᠎ᠠ᠂ ᠬᠠᠶᠢᠷᠣᠪ ᠤᠨ ᠲᠤᠬᠤᠢ ᠬᠤᠳᠠ ᠪᠠᠰᠠ ︽ᠰᠢᠨ᠎ᠡ ᠦᠪᠦᠷ ᠠᠷᠠᠳ ᠤᠨ ᠨᠠᠮ︾ ᠡᠬᠢᠯᠡᠨ | ᠮᠠᠯᠳᠠᠵᠤ᠂ ︽ᠾᠧ ᠯᠠᠨ ᠱᠠᠨ ᠠᠭᠤᠯᠠ ᠶᠢᠨ ᠫᠠᠷᠲ᠋ᠢᠽᠠᠨ ᠠᠩᠬᠢ︾ ᠵᠡᠷᠭᠡ ᠬᠢᠯᠢᠰ᠂ ᠬᠤᠳᠠᠯ᠂ ᠪᠤᠷᠤᠭᠤ ᠬᠡᠷᠡᠭ ᠢ | ᠡᠭᠦᠰᠬᠡᠪᠡ᠃ | ᠲᠤᠰ ᠵᠢᠯ᠂ ᠶᠡᠭᠡ ᠵᠤᠤ ᠠᠶᠢᠮᠠᠭ ᠪᠤᠯᠤᠨ ᠪᠠᠶᠠᠨᠨᠠᠭᠤᠷ ᠠᠶᠢᠮᠠᠭ ᠤᠨ ᠵᠠᠬᠢᠷᠭ᠎ᠠ ᠠᠴᠠ ᠮᠠᠷᠭᠤᠭᠠᠨ ᠲᠠᠢ | ᠬᠠᠳᠣᠨ ᠭᠤᠤᠯ ᠤᠨ ᠵᠢᠶᠠ ᠰᠢᠨ ᠲᠠᠨ — ᠳ᠋ᠠ ᠵᠦᠩ ᠲᠠᠨ ᠢ ᠲᠤᠰ ᠲᠤᠰ ᠤᠳᠠ ᠬᠤᠳᠠ ᠬᠢᠬᠡᠳ ᠬᠠᠶᠢᠷᠣᠪ ᠤᠨ | ᠲᠤᠬᠤᠢ ᠬᠤᠳᠠ ᠳᠤ ᠬᠤᠪᠢᠶᠠᠷᠢᠯᠠᠨ ᠦᠭᠴᠦ᠂ ᠯᠢ ᠬᠤᠸᠠ ᠵᠦᠩ ᠲᠠᠨ ᠢ ᠬᠠᠶᠢᠷᠣᠪ ᠤᠨ ᠲᠤᠬᠤᠢ ᠬᠤᠳᠠ ᠳᠤ | ᠬᠤᠪᠢᠶᠠᠷᠢᠯᠠᠨ ᠦᠭᠪᠡ᠃ | | 1969 ᠤᠨ᠄ | 3 ᠰᠠᠷ᠎ᠠ᠂ ᠤᠳᠠ ᠬᠤᠳᠠ ᠶᠢᠨ ᠬᠤᠪᠢᠰᠬᠠᠯ ᠤᠨ ᠵᠦᠪᠯᠡᠯ ᠤᠨ ᠤᠳᠤᠷᠢᠳᠬᠤ ᠲᠤᠭᠤᠶᠢᠯᠠᠩ | ᠪᠠᠶᠢᠭᠤᠯᠤᠭᠳᠠᠵᠤ᠂ ᠰᠢᠶᠦ᠋ᠩ ᠨᠠᠢ ᠴᠧᠩ ᠲᠤᠭᠤᠶᠢᠯᠠᠩ ᠤᠨ ᠲᠠᠷᠤᠭ᠎ᠠ ᠶᠢ ᠡᠭᠦᠷᠭᠡᠯᠡᠪᠡ᠃ | 5 ᠰᠠᠷ᠎ᠠ ᠶᠢᠨ 22 ᠤᠨ ᠡᠳᠦᠷ᠂ ᠲᠦᠪ ᠬᠤᠷᠢᠶᠠᠨ ᠤ ︽5 · 22︾ ᠤᠨ ᠴᠣᠬᠤᠯᠠᠪᠤᠷᠢ ᠵᠢᠴᠢ | ᠦᠪᠦᠷ ᠮᠤᠩᠭᠤᠯ ᠤᠨ ᠬᠤᠪᠢᠰᠬᠠᠯ ᠤᠨ ᠵᠦᠪᠯᠡᠯ ᠤᠨ ᠵᠢᠭᠠᠪᠤᠷᠢ ᠶᠢ ᠦᠨᠳᠦᠰᠦᠯᠡᠵᠦ᠂ ᠤᠳᠠ᠂ ᠬᠠᠶᠢᠷᠣᠪ ᠤᠨ | ᠲᠤᠬᠤᠢ ᠣᠷᠣᠨ ᠤ ︽ᠰᠢᠨ᠎ᠡ ᠦᠪᠦᠷ ᠠᠷᠠᠳ ᠤᠨ ᠨᠠᠮ︾ ᠮᠠᠯᠳᠠᠬᠤ ᠠᠵᠢᠯ ᠵᠤᠭᠰᠣᠵᠣ᠂ ᠬᠤᠷᠢᠵᠤ ᠪᠠᠶᠢᠭᠰᠠᠨ | ᠬᠤᠤᠷᠯᠠᠭᠳᠠᠭᠴᠢ ᠶᠢ ᠰᠣᠯᠠᠯᠠᠪᠠ᠃ | 8 ᠰᠠᠷ᠎ᠠ ᠶᠢᠨ 16 ᠤ ᠡᠳᠦᠷ᠂ ᠤᠳᠠ ᠶᠢᠨ ᠠᠭᠤᠷᠬᠠᠢ ᠶᠢᠨ ᠲᠤᠪᠴᠢᠶᠠᠨ ᠤ ᠪᠦᠯᠦᠭ ᠬᠦᠮᠦᠰ ᠪᠠᠩᠬᠢ ᠳᠤ | ᠤᠴᠢᠵᠤ ᠨᠠᠮᠠᠷᠢ ᠴᠠᠯᠵᠩ ᠢᠶᠠᠨ ᠬᠦᠴᠦᠷᠭᠡᠭᠯᠡᠨ ᠭᠠᠷᠭᠠᠵᠤ ᠠᠪᠤᠪᠠ᠃ 18 ᠤ ᠡᠳᠦᠷ ᠪᠦᠯᠦᠭ ᠬᠦᠮᠦᠰ ᠰᠠᠨ ᠳ᠋ᠣᠣ | ᠺᠠᠨ ᠲᠡᠷᠭᠡᠨ ᠦᠷᠳᠡᠭᠡᠨ ᠤ ᠲᠡᠮᠦᠷ ᠵᠠᠮ ᠳᠡᠭᠡᠷ᠎ᠡ ᠬᠡᠪᠳᠡᠵᠦ᠂ ᠲᠡᠷᠭᠡ ᠬᠠᠯᠬᠠᠯᠠᠨ ᠬᠦᠮᠦᠨ ᠪᠠᠷᠢᠪᠴᠢᠯᠠᠵᠤ᠂ | ᠴᠤᠪᠤᠭ᠎ᠠ ᠲᠡᠷᠭᠡ 7 ᠴᠠᠭ 30 ᠮᠢᠨᠦ᠋ᠲ ᠵᠤᠭᠰᠣᠵᠣ᠂ ᠵᠸᠤ ᠶᠡᠷᠦᠩᠬᠡᠢ ᠰᠠᠶᠢᠳ ᠤᠨ ᠰᠢᠭᠦᠮᠵᠢᠯᠡᠯ ᠢ ᠭᠦᠷᠳᠡᠪᠡ᠃ | 9 ᠰᠠᠷ᠎ᠠ ᠶᠢᠨ 27 ᠤ ᠡᠳᠦᠷ᠂ ᠦᠪᠦᠷ ᠮᠤᠩᠭᠤᠯ ᠤᠨ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢᠨ | ᠨᠢᠭᠡᠳᠬᠡᠯ ᠠᠩᠭᠢ ᠶᠢᠨ ᠪᠡᠯᠡ ᠣᠷᠣᠭᠤᠯᠵᠤ ᠡᠭᠦᠰᠬᠡᠨ ᠪᠠᠶᠢᠭᠤᠯᠤᠭᠰᠠᠨ ᠬᠠᠶᠢᠷᠣᠪ ᠤᠨ ᠲᠤᠬᠤᠢ ᠶᠢᠨ ᠰᠢᠯ ᠤᠨ | ᠦᠢᠯᠡᠳᠪᠦᠷᠢ ᠶᠢ ᠡᠬᠢᠯᠡᠨ ᠪᠠᠶᠢᠭᠤᠯᠪᠠ᠃ ᠨᠢᠭᠡᠳᠭᠡᠯ ᠠᠩᠬᠢ ᠶᠢᠨ ᠨᠢᠭᠡᠳᠦᠭᠡᠷ ᠳ᠋ᠢᠸᠢᠽᠢ ᠠᠴᠠ ᠰᠢᠯᠵᠢᠭᠦᠯᠦᠨ | ᠲᠤᠮᠢᠯᠠᠭᠰᠠᠨ ᠠᠯᠪᠠᠠ ᠴᠡᠷᠢᠭ᠂ ᠬᠠᠯᠠᠭᠳᠠᠭᠰᠠᠡ ᠴᠡᠷᠵᠭ ᠪᠤᠯᠤᠨ ᠪᠡᠭᠡᠵᠢᠩ᠂ ᠲᠢᠶᠠᠨᠵᠢᠨ᠂ ᠱᠠᠩᠬᠠᠢ᠂ ᠵᠧᠵᠢᠶᠠᠩ᠂ | ᠾᠧᠪᠸᠢ ᠵᠡᠷᠭᠡ 16 ᠮᠤᠵᠢ ᠬᠤᠳᠠ ᠶᠢᠨ ᠰᠡᠭᠡᠭᠡᠳᠡᠨ ᠵᠠᠯᠠᠭᠤᠴᠤᠳ ᠤᠷᠢᠳ ᠬᠤᠵᠢᠳ ᠦᠢᠯᠡᠳᠪᠦᠷᠢ ᠳᠤ ᠢᠷᠡᠵᠦ᠂ | 1970 ᠣᠨ ᠤ 7 ᠰᠠᠷ᠎ᠠ ᠪᠤᠯᠬᠤ ᠳᠤ ᠨᠢᠭᠡᠨᠳᠡ 540 ᠬᠦᠮᠦᠨ ᠪᠤᠯᠪᠠ᠃ ᠾᠧ ᠰᠢᠨ ᠮᠢᠨ᠂ ᠸᠠᠩ ᠰᠢᠦ ᠸᠧᠨ | ᠪᠡᠯᠡᠳᠭᠡᠨ ᠪᠠᠶᠢᠭᠤᠯᠬᠤ ᠪᠤᠲᠠᠲᠤ ᠠᠵᠢᠯ ᠢ ᠬᠠᠷᠢᠭᠤᠴᠠᠪᠠ᠃ | 10 ᠰᠠᠷ᠎ᠠ᠂ ᠦᠪᠦᠷ ᠮᠤᠩᠭᠤᠯ ᠤᠨ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢᠨ ᠨᠢᠭᠡᠳᠬᠡᠯ ᠠᠩᠭᠢ | ᠶᠢᠨ ᠲᠦᠷᠪᠡᠳᠦᠭᠡᠷ ᠳ᠋ᠢᠸᠢᠽᠢ ᠠᠴᠠ ᠬᠠᠩᠬᠢᠨ ᠬᠤᠰᠢᠭᠤᠨ ᠤ ᠪᠠᠯᠭᠤᠨ ᠤ 23 ᠬᠤᠷᠢᠶᠠᠨ ᠠᠴᠠ ᠬᠤᠶᠠᠷ ᠰᠣᠮᠣ ᠶᠢ | ᠯᠤᠭᠰᠢᠳᠠᠷ ᠪᠤᠯᠤᠨ ᠬᠠᠶᠢᠷᠣᠪ ᠤᠨ ᠲᠤᠬᠤᠢ ᠳᠤ ᠲᠤᠮᠢᠯᠠᠪᠠ᠂ ᠡᠨᠡᠬᠦ ᠰᠠᠭᠤᠷᠢᠨ ᠲᠡᠭᠡᠷ᠎ᠡ 24 ᠬᠤᠷᠢᠶ᠎ᠠ ᠶᠢ ᠵᠤᠬᠢᠶᠠᠨ | ᠪᠠᠶᠢᠭᠤᠯᠵᠤ᠂ ᠨᠡᠶᠢᠳᠡ 2700 ᠬᠦᠮᠦᠨ ᠲᠠᠢ᠂ ᠬᠤᠷᠢᠶᠠᠨ ᠲᠠᠷᠤᠭ᠎ᠠ ᠽᠸᠤ ᠵᠢᠢ ᠱᠧᠩ᠂ ᠤᠯᠤᠰ ᠲᠦᠷᠤ ᠶᠢᠨ | ᠭᠡᠰᠵᠬᠦᠡ ᠳ᠋ᠠᠢ ᠷᠦᠩ ᠵᠤᠤ᠃ ᠬᠠᠳᠣᠨ ᠭᠤᠤᠯ ᠤᠨ ᠵᠡᠬᠦᠨ ᠡᠷᠭᠢᠨ ᠳᠤ ᠲᠠᠷᠢᠶᠠᠯᠠᠩ ᠤᠨ ᠦᠢᠯᠡᠳᠪᠦᠷᠢᠯᠡᠯ | ᠡᠷᠬᠢᠯᠡᠪᠡ᠃ | ᠲᠤᠰ ᠰᠠᠷ᠎ᠠ᠂ ᠬᠦᠬᠤᠰᠣ ᠶᠢᠨ ᠨᠡᠭᠦᠷᠡᠰᠦᠨ ᠠᠭᠤᠷᠬᠠᠢ ᠶᠢ ᠡᠬᠢᠯᠡᠨ ᠪᠠᠶᠢᠭᠤᠯᠪᠠ᠃ ᠹᠠᠨ ᠶᠢᠩ ᠠᠭᠤᠷᠬᠠᠢ | ᠶᠢᠨ ᠤᠷᠤᠨ ᠤ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢᠨ ᠵᠢᠯᠣᠭᠤᠳᠬᠤ ᠭᠠᠵᠠᠷ ᠤᠨ ᠬᠠᠷᠵᠭᠤᠴᠠᠭᠴᠢ ᠶᠢ | ᠡᠭᠦᠷᠭᠡᠯᠡᠪᠡ᠃ | 12 ᠰᠠᠷ᠎ᠠ ᠶᠢᠨ 19 ᠤ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠪᠡᠭᠡᠵᠢᠩ | ᠴᠡᠷᠢᠭ ᠤᠨ ᠲᠤᠭᠤᠷᠢᠭ ᠠᠴᠠ ᠦᠪᠦᠷ ᠮᠤᠩᠭᠤᠯ ᠳᠤ ᠣᠷᠣᠨ ᠬᠤᠪᠢᠶᠠᠵᠤ ᠪᠦᠬᠦ ᠲᠠᠯ᠎ᠠ ᠪᠠᠷ ᠴᠡᠷᠢᠭ ᠤᠨ | ᠬᠠᠮᠢᠶᠠᠷᠤᠯᠳᠠ ᠬᠡᠷᠡᠭᠵᠢᠬᠦᠯᠬᠦ ᠰᠢᠢᠳᠪᠦᠷᠢ ᠭᠠᠷᠭᠠᠪᠠ᠃ ᠪᠤᠭᠤᠲᠤ ᠶᠢᠨ ᠡᠮᠦᠨ᠎ᠡ ᠹᠷᠣᠨᠲ ᠶᠢᠨ ᠵᠢᠯᠣᠭᠤᠳᠬᠤ ᠭᠠᠵᠠᠷ | ᠠᠴᠠ 63 ᠠᠷᠮᠠᠢ ᠶᠢᠨ ᠨᠢᠭᠡ ᠬᠡᠯᠳᠡᠰ ᠢ ᠲᠤᠮᠢᠯᠠᠵᠤ ᠤᠳᠠ ᠬᠤᠲᠠᠨ ᠳᠤ ᠰᠠᠭᠤᠯᠭᠠᠪᠠ︔ ᠶᠡᠭᠡ ᠵᠤᠤ ᠠᠶᠢᠮᠠᠭ ᠤᠨ | ᠡᠮᠦᠨ᠎ᠡ ᠹᠷᠣᠨᠲ ᠶᠢᠨ ᠵᠢᠯᠣᠭᠤᠳᠬᠤ ᠭᠠᠵᠠᠷ ᠠᠴᠠ 69 ᠠᠷᠮᠠᠢ ᠶᠢᠨ ᠨᠢᠭᠡ ᠬᠡᠯᠳᠡᠰ ᠢ ᠲᠤᠮᠢᠯᠠᠵᠤ ᠬᠠᠶᠢᠷᠣᠪ ᠤᠨ | ᠲᠤᠬᠤᠢ ᠳᠤ ᠰᠠᠭᠤᠯᠭᠠᠪᠠ᠃ | ᠲᠤᠰ ᠵᠢᠯ᠂ ᠤᠳᠠ ᠶᠢᠨ ᠠᠭᠤᠷᠬᠠᠢ ᠶᠢᠨ ᠲᠤᠪᠴᠢᠶ᠎ᠠ ᠦᠢᠯᠡᠳᠪᠦᠷᠢᠯᠡᠬᠦ ᠪᠠᠨ ᠵᠣᠭᠰᠣᠬᠤ ᠦᠢᠯᠡᠳᠪᠦᠷᠢᠯᠡᠬᠦ | ᠪᠠᠨ ᠬᠠᠭᠠᠰ ᠵᠣᠭᠰᠣᠬᠤ ᠪᠠᠶᠢᠳᠠᠯ ᠳᠤ ᠤᠷᠤᠪᠠ᠂ ᠪᠦᠬᠦ ᠵᠢᠯ ᠳᠤ 81 ᠲᠦᠮᠡᠨ ᠲᠤᠨ ᠨᠡᠭᠦᠷᠡᠰᠦ ᠦᠢᠯᠡᠳᠪᠦᠷᠢᠯᠡᠵᠦ | ᠂ 436 ᠲᠦᠮᠡᠨ ᠲᠦᠭᠦᠷᠢᠭ ᠤᠨ ᠬᠤᠬᠢᠷᠠᠯ ᠭᠠᠷᠪᠠ᠃ | |