ᠮᠠᠨ ᠤ ᠮᠤᠩᠭᠤᠯ ᠦᠨᠳᠦᠰᠦᠳᠡᠨ ᠪᠤᠯ ᠠᠯᠢ ᠡᠷᠳᠡᠨ ᠠᠴᠠ ᠠᠪᠤᠭᠠᠳ ᠭᠡᠷ ᠤᠨ ᠰᠤᠷᠭᠠᠯ ᠴᠢᠩᠭ᠎ᠠ ᠪᠠᠶᠢᠬᠤ | ᠤᠯᠠᠮᠵᠢᠯᠠᠯᠳᠤ ᠰᠠᠶᠢᠬᠠᠨ ᠵᠠᠩ ᠰᠤᠷᠲᠠᠬᠤᠨ ᠲᠠᠢ ᠦᠨᠳᠦᠰᠦᠳᠡᠨ ᠶᠤᠮ᠂ ᠡᠭᠡ ᠡᠴᠢᠭᠡ ᠪᠤᠯ ᠭᠡᠥᠭᠡᠳ ᠤᠨ ᠬᠠᠮᠤᠭ | ᠲᠡᠷᠢᠭᠦᠨ ᠤ ᠪᠠᠭᠰᠢ ᠪᠦᠭᠡᠳ ᠭᠡᠷ ᠪᠦᠯᠢ ᠪᠤᠯ ᠭᠡᠥᠭᠡᠳ ᠤᠨ ᠬᠠᠮᠤᠭ ᠡᠬᠢᠨ ᠤ ᠰᠤᠷᠭᠠᠭᠤᠯᠢ ᠪᠤᠯᠬᠤ ᠶᠤᠮ᠃ | ᠶᠡᠷᠦ ᠳᠡᠭᠡᠨ ᠲᠤᠥᠷᠠᠬᠢ ᠮᠡᠳᠦ ᠬᠡᠳᠦᠨ ᠵᠦᠢᠯ ᠤᠨ ᠠᠷᠭ᠎ᠠ ᠪᠠᠶᠢᠳᠠᠭ᠄ | ︵1︶ ᠭᠡᠥᠭᠡᠳ ᠤᠨ ᠲᠤᠷᠠᠳᠤᠭᠰᠠᠨ ᠠᠰᠠᠭᠤᠳᠠᠯ ᠳᠤ ᠬᠦᠯᠢᠴᠡᠩᠭᠦᠢ ᠪᠦᠭᠡᠳ ᠵᠦᠪ ᠬᠠᠷᠢᠭᠤᠯᠳᠠ ᠶᠢ | ᠦᠭᠬᠦ ᠬᠡᠷᠡᠭᠳᠠᠢ᠃ | ︵2︶ ᠭᠡᠥᠭᠡᠳ ᠢ ᠬᠠᠨᠳᠠᠯ᠎ᠠ ᠨᠠᠭᠠᠳᠤᠭᠤᠯᠬᠤ ᠭᠡᠷᠡᠭᠳᠡᠢ᠃ | ︵3︶ ᠭᠡᠥᠭᠡᠳ ᠢ ᠵᠢᠯᠤᠭᠤᠳᠤᠨ ᠦᠪᠡᠷ ᠤᠨ ᠬᠢᠨᠢ ᠬᠢᠪᠡᠰᠦ ᠵᠤᠬᠢᠬᠤ ᠲᠤᠰᠬᠠᠢ ᠠᠵᠢᠯ ᠢ ᠬᠢᠯᠭᠡᠭᠦ ᠭᠡᠷᠡᠭᠳᠡᠢ | ᠃ | ︵4︶ ᠭᠡᠥᠭᠡᠳ ᠢ ᠬᠠᠪᠰᠤᠷᠴᠤ ᠲᠡᠭᠦᠨ ᠤ ᠪᠡᠶ᠎ᠡ ᠳᠤᠨᠢ ᠲᠣᠬᠢᠷᠠᠬᠤ ᠲᠥᠯᠦᠪᠯᠡᠭᠡ ᠵᠤᠬᠢᠶᠠᠵᠤ ᠦᠭᠬᠦ | ᠪᠦᠭᠡᠳ ᠡᠨᠡᠬᠦ ᠲᠥᠯᠦᠪᠯᠡᠭᠡ ᠪᠠᠨ ᠪᠡᠶᠡᠯᠡᠭᠦᠯᠬᠦ ᠶᠢ ᠱᠠᠭᠠᠷᠳᠠᠬᠤ ᠭᠡᠷᠡᠭᠳᠡᠢ᠃ | ︵5︶ ᠭᠡᠥᠭᠡᠳ ᠢ ᠬᠠᠪᠰᠤᠷᠴᠤ ᠲᠡᠭᠦᠨ ᠤ ᠲᠦᠢᠯ ᠤᠨ ᠤᠷᠮ᠎ᠠ ᠪᠠᠬ᠎ᠠ ᠲᠠᠢ ᠭᠠᠵᠠᠷ ᠲᠤᠨᠢ ᠤᠴᠢᠭᠤᠯᠵᠤ | ᠨᠠᠭᠠᠳᠤᠭᠤᠯᠬᠤ ᠬᠡᠷᠡᠭᠳᠡᠢ᠃ | ︵6︶ ᠭᠡᠥᠭᠡᠳ ᠢ ᠬᠠᠪᠰᠤᠷᠴᠤ ᠪᠡᠶ᠎ᠡ ᠪᠠᠨ ᠲᠠᠭᠠᠭᠠᠨ ᠪᠤᠳᠤᠯᠬᠢᠯᠠᠭᠤᠯᠬᠤ ᠭᠡᠷᠡᠭᠳᠡᠢ᠃ | ︵7︶ ᠭᠡᠥᠭᠡᠳ ᠢ ᠬᠠᠪᠰᠤᠷᠴᠤ᠂ ᠲᠡᠭᠦᠨ ᠤ ᠲᠠᠰᠬᠠᠯ ᠬᠢᠭᠦ ᠴᠢᠳᠠᠪᠤᠷᠢ ᠶᠢ ᠨᠢ ᠲᠡᠭᠡᠭᠰᠢᠯᠡᠭᠦᠯᠦᠨ᠎ᠡ᠃ | | ︵8︶ ᠭᠡᠥᠭᠡᠳ ᠢ ᠬᠠᠪᠰᠤᠷᠴᠤ ᠬᠠᠷᠠᠬᠠᠨ ᠪᠠᠭ᠎ᠠ ᠠᠴᠠ ᠨᠢ ᠨᠤᠮ ᠤᠩᠰᠢᠬᠤ ᠰᠠᠶᠢᠨ ᠲᠠᠳᠬᠠᠯ ᠲᠠᠢ | ᠪᠤᠯᠭᠠᠬᠤ ᠭᠡᠷᠡᠭᠳᠡᠢ᠃ | ︵9︶ ᠭᠡᠥᠭᠡᠳ ᠲᠤ ᠰᠠᠶᠢᠨ ᠰᠠᠶᠢᠬᠠᠨ ᠲᠠᠪᠰᠢᠭᠰᠠᠨ ᠨᠤᠮ ᠰᠡᠳᠭᠦᠯ ᠢ ᠬᠠᠩᠭᠠᠬᠤ ᠭᠡᠷᠡᠭᠳᠡᠢ᠃ | ︵10︶ ᠭᠡᠥᠭᠡᠳ ᠤᠨ ᠦᠵᠡᠯ ᠰᠠᠨᠠᠭᠠᠨ ᠳᠤ ᠠᠰᠢᠭᠳᠠᠢ ᠪᠦᠭᠡᠳ ᠤᠬᠠᠮᠰᠠᠷ ᠢ ᠨᠢ ᠲᠡᠭᠡᠭᠰᠢᠯᠡᠭᠦᠯᠬᠦ | ᠦᠯᠢᠭᠡᠷ ᠶᠠᠷᠢᠵᠤ ᠦᠭᠭᠦᠨ᠂ ᠲᠡᠭᠦᠨ ᠤ ᠬᠡᠢ ᠬᠦᠰᠡᠯ ᠢ ᠨᠢ ᠤᠷᠭᠢᠯᠠᠭᠤᠯᠵᠤ ᠬᠤᠯᠪᠤᠨ ᠪᠤᠳᠤᠬᠤ ᠴᠢᠳᠠᠪᠤᠷᠢ ᠶᠢ ᠨᠢ | ᠨᠡᠮᠡᠭᠳᠡᠭᠦᠯᠬᠦ ᠬᠡᠷᠡᠭᠳᠡᠢ᠃ | ︵11︶ ᠭᠡᠥᠭᠡᠳ ᠤᠨ ᠬᠤᠪᠢ ᠶᠢᠨ ᠱᠠᠭᠠᠷᠳᠠᠯᠭ᠎ᠠ ᠳᠤ ᠨᠠᠷᠢᠨ ᠨᠢᠭᠳᠠ ᠬᠠᠨᠳᠤᠵᠤ᠂ ᠲᠤᠬᠢᠷᠠᠮᠵᠢᠳᠠᠢ ᠪᠠᠷ | ᠬᠠᠩᠭᠠᠵᠤ ᠪᠠᠶᠢᠬᠤ ᠬᠡᠷᠡᠭᠳᠡᠢ᠃ | ︵12︶ ᠡᠳᠦᠷ ᠪᠦᠷᠢ ᠲᠤᠭᠳᠠᠭᠰᠠᠨ ᠬᠡᠮᠵᠢᠶᠡᠨ ᠤ ᠴᠠᠭ ᠢ ᠰᠢᠬᠠᠨ ᠭᠠᠷᠭᠠᠵᠤ᠂ ᠭᠡᠥᠭᠡᠳ ᠲᠠᠢ ᠪᠠᠨ | ᠬᠠᠮᠳᠤ ᠪᠠᠶᠢᠬᠤ ᠭᠡᠷᠡᠭᠳᠡᠢ᠃ | ︵13︶ ᠭᠡᠥᠭᠡᠳ ᠢ ᠬᠠᠪᠰᠤᠷᠤᠨ ᠬᠦᠷ ᠬᠦᠭᠵᠢᠶᠡᠨ ᠲᠠᠢ᠂ ᠡᠷᠡᠭᠦᠯ ᠴᠠᠬᠢᠷᠠᠭ ᠲᠤᠷᠠᠰᠬᠠᠯᠳᠤ ᠡᠳᠦᠷ ᠢ | ᠰᠤᠩᠭᠤᠨ ᠤᠷᠤᠯᠴᠠᠬᠤ ᠭᠡᠷᠡᠭᠳᠡᠢ᠃ | ︵14︶ ᠭᠡᠥᠭᠡᠳ ᠢ ᠵᠤᠷᠢᠭᠵᠢᠭᠤᠯᠤᠨ ᠠᠰᠠᠭᠤᠳᠠᠯ ᠢ ᠰᠡᠷᠡᠵᠤ ᠮᠡᠳᠡᠪᠡᠯ᠂ ᠲᠡᠷᠡᠬᠦ ᠠᠰᠠᠭᠤᠳᠠᠯ ᠢ ᠨᠢ | ᠬᠠᠪᠰᠤᠷᠤᠨ ᠰᠢᠢᠳᠪᠦᠷᠢᠯᠡᠬᠦ ᠭᠡᠷᠡᠭᠳᠡᠢ᠃ | ︵15︶ ᠭᠡᠥᠭᠡᠳ ᠤᠨ ᠤᠨᠴᠠ ᠴᠢᠳᠠᠪᠤᠷᠢ ᠶᠢ ᠨᠢ ᠢᠳᠡᠭᠡᠨ᠂ ᠭᠡᠥᠭᠡᠳ ᠢᠶᠠᠨ ᠢᠳᠡᠭᠡᠬᠦ ᠭᠡᠷᠡᠭᠳᠡᠢ᠃ | ︵16︶ ᠭᠡᠥᠭᠡᠳ ᠢ ᠵᠤᠷᠢᠭᠵᠢᠭᠤᠯᠤᠨ ᠰᠢᠨᠵᠢᠯᠡᠬᠦ ᠤᠬᠠᠭᠠᠨ ᠢ ᠢᠯᠡᠭᠦᠥ ᠰᠤᠷᠤᠯᠴᠠᠭᠤᠯᠤᠨ᠂ ᠪᠡᠶ᠎ᠡ ᠪᠠᠨ | ᠲᠠᠭᠠᠭᠠᠨ ᠠᠰᠠᠭᠤᠳᠠᠯ ᠢ ᠰᠢᠢᠳᠪᠦᠷᠢᠯᠡᠭᠦᠯᠵᠦ᠂ ᠲᠤᠮᠤ ᠬᠦᠮᠦᠨ ᠢ ᠶᠡᠷᠦ ᠳᠡᠭᠡᠨ ᠲᠦᠰᠢᠭᠯᠡᠬᠦ ᠠᠴᠠ ᠰᠠᠯᠭᠠᠬᠤ | ᠭᠡᠷᠡᠭᠳᠡᠢ᠃ |