ᠡᠩ ᠤᠨ ᠪᠠᠶᠢᠳᠠᠯ ᠳᠤ ᠬᠦᠮᠦᠰ ᠲᠦᠴᠢᠨ ᠲᠠᠪᠤᠨ ᠨᠠᠰᠤ ᠶᠢ ᠦᠩᠬᠡᠷᠡᠪᠡᠯ ᠦᠲᠡᠯᠬᠦ ᠵᠦᠭ ᠲᠡᠭᠡᠨ ᠬᠠᠨᠳᠦᠵᠦ | ᠂ ᠵᠢᠷᠠᠨ ᠲᠠᠪᠤᠨ ᠨᠠᠰᠤ ᠶᠢ ᠦᠩᠬᠡᠷᠡᠬᠡᠪᠡᠯ ᠦᠲᠡᠯᠦᠬᠡ ᠨᠠᠰᠤᠨ ᠤ ᠦᠶ᠎ᠡ ᠳᠡᠭᠡᠨ ᠤᠷᠤᠲᠠᠬ᠃ ᠬᠡᠷᠪᠡ ᠲᠦᠴᠢᠨ | ᠲᠠᠪᠤᠨ ᠨᠠᠰᠤ ᠬᠦᠷᠬᠦ ᠠᠴᠠ ᠡᠮᠤᠨ᠎ᠡ ᠰᠠᠨᠴᠢᠬ ᠨᠢ ᠪᠤᠭᠤᠷᠤᠯᠳᠤᠬᠤ᠂ ᠬᠠᠷᠠᠭ᠎ᠠ ᠨᠢ ᠮᠠᠭᠤᠲᠠᠬᠤ᠂ ᠨᠢᠲᠦᠨ ᠤ | ᠵᠤᠪᠬᠢᠨ ᠳᠤᠨᠢ ᠠᠲᠤᠷᠢᠶ᠎ᠠ ᠰᠠᠭᠤᠬᠤ᠂ ᠠᠵᠢᠯ ᠤᠨ ᠦᠷ᠎ᠡ ᠠᠰᠢᠬ ᠨᠢ ᠲᠤᠷᠤᠬᠰᠢᠯᠠᠬᠤ ᠵᠡᠷᠬᠡ ᠨᠠᠰᠦ ᠠᠬᠠᠰᠢᠷᠠᠬᠰᠠᠨ | ᠪᠠᠶᠢᠳᠠᠯ ᠢᠯᠡᠷᠡᠪᠡᠯ ᠡᠷᠲᠡ ᠦᠲᠡᠯᠦᠭᠰᠡᠨ ᠳᠤ ᠲᠤᠭᠠᠴᠠᠬᠳᠠᠨ᠎ᠠ᠃ ᠶᠠᠮᠠᠷ ᠴᠦ ᠬᠦᠮᠦᠨ ᠡᠷᠲᠡ ᠦᠲᠡᠯᠭᠦ ᠲᠤᠷ᠎ᠡ | ᠦᠬᠡᠢ ᠪᠠᠶᠢᠳᠠᠬ᠃ ᠤᠲᠤ ᠡᠷᠲᠡ ᠦᠳᠡᠯᠭᠦ ᠠᠴᠠ ᠰᠡᠷᠭᠡᠶᠢᠯᠡᠬᠦ A᠂ B ᠬᠤᠶᠠᠷ ᠪᠦᠯᠦᠭ ᠢᠲᠡᠭᠡᠨ ᠢ | ᠲᠠᠨᠢᠯᠴᠠᠭᠤᠯᠤᠶ᠎ᠠ᠃ | | A ᠪᠦᠯᠦᠭ ᠢᠲᠡᠭᠡᠨ᠄ | 1. ᠴᠢᠨᠠᠷ ᠰᠠᠶᠢᠲᠠᠢ ᠪᠠᠯ ᠢ ᠡᠳᠦᠷ ᠪᠦᠷᠢ ᠡᠷᠲᠡ ᠤᠷᠤᠢ ᠳᠠᠭᠠᠨ ᠦᠯᠦᠨ ᠢᠶᠠᠷ 40 ~50 ᠮᠢᠯᠢᠯᠢᠲᠷ | ᠤᠤᠭᠤᠪᠠᠯ ᠬᠦᠮᠦᠨ ᠤ ᠪᠡᠶ᠎ᠡ ᠳᠤ ᠬᠦᠴᠢᠯᠳᠦ᠋ᠷᠦᠭᠴᠢ ᠬᠠᠩᠭᠠᠬᠤ ᠶᠢᠨ ᠬᠠᠮᠲᠦ ᠴᠢᠰᠤᠨ ᠤ ᠡᠷᠭᠢᠯᠲᠡ ᠶᠢ | ᠲᠦᠷᠭᠡᠳᠭᠡᠭᠡᠳ ᠦᠳᠡᠯᠭᠦ ᠶᠢ ᠤᠲᠠᠭᠠᠰᠢᠷᠠᠭᠤᠯᠵᠦ ᠴᠤᠬ ᠰᠦᠯᠲᠡ ᠶᠢ ᠪᠠᠲᠠᠷᠠᠭᠤᠯᠵᠦ ᠴᠢᠳᠠᠨ᠎ᠠ᠃ | 2. ᠮᠠᠭᠠᠵᠢ᠂ ᠰᠠᠮᠤᠷ ᠤᠨ ᠴᠦᠮ᠎ᠡ ᠶᠢ ᠢᠳᠡᠪᠡᠯ ᠦᠲᠡᠯᠭᠦ ᠶᠢ ᠤᠲᠠᠭᠠᠰᠢᠷᠠᠭᠤᠯᠵᠦ ᠴᠢᠲᠠᠨ᠎ᠠ᠃ ᠡᠬᠦᠨ ᠳᠤ | ᠤᠷᠢᠳ ᠢᠶᠠᠷ ᠮᠠᠭᠠᠵᠢ ᠪᠠᠨ ᠬᠠᠭᠤᠷᠴᠦ ᠲᠠᠯᠠᠬᠳᠠᠨᠠ᠃ ᠲᠠᠷᠠᠭ᠎ᠠ ᠨᠢ ᠰᠠᠮᠤᠷ ᠤᠨ ᠴᠦᠮ᠎ᠡ ᠶᠢᠨ ᠬᠠᠯᠢᠰᠦ ᠶᠢ ᠠᠪᠴᠦ | ᠲᠠᠯᠠᠬᠲᠠᠨ ᠱᠠᠭᠠᠵᠠᠩ ᠯᠤᠩᠬᠤᠨ ᠳᠤ ᠬᠢᠵᠦ ᠲᠠᠯᠪᠢᠭᠠᠳ ᠡᠳᠦᠷ ᠪᠦᠷᠢ 20~30 ᠭᠷᠠᠮ ᠢ ᠰᠢᠬᠢᠷ ᠲᠠᠢ ᠬᠤᠯᠢᠵᠦ | ᠢᠲᠡᠨ᠎ᠡ᠃ ᠮᠠᠭᠠᠵᠢ ᠳᠤ ᠦᠲᠡᠯᠭᠦ ᠶᠢ ᠤᠲᠠᠭᠠᠰᠢᠷᠠᠭᠤᠯᠬᠤ ᠸᠢᠲ᠋ᠠᠮᠢᠨ A ᠡᠯᠪᠡᠭ ᠪᠠᠶᠢᠳᠠᠬ᠃ ᠡᠨᠡ ᠨᠢ ᠬᠦᠮᠦᠨ ᠤ | ᠪᠡᠶ᠎ᠡ ᠶᠢᠨ ᠡᠰ ᠤᠨ ᠦᠲᠡᠯᠭᠦ ᠶᠢ ᠤᠲᠠᠭᠠᠰᠢᠷᠠᠭᠤᠯᠲᠠᠬ᠃ ᠰᠠᠮᠤᠷ ᠤᠨ ᠴᠦᠮ᠎ᠡ ᠨᠢ ᠬᠦᠮᠦᠨ ᠤ ᠪᠠᠶ᠎ᠠ ᠶᠢᠨ | ᠲᠤᠲᠤᠭᠠᠲᠦ ᠱᠦᠬᠦᠷᠡᠯ ᠴᠢᠲᠠᠪᠤᠷᠢ ᠶᠢ ᠰᠠᠶᠢᠵᠢᠷᠠᠭᠤᠯᠬᠤ ᠪᠤᠯᠬᠤᠷ ᠦᠲᠡᠯᠭᠦ ᠶᠢ ᠤᠲᠠᠭᠠᠰᠢᠷᠠᠭᠤᠯᠲᠠᠬ᠃ | 3. ᠲᠠᠯᠠᠢ ᠶᠢᠨ ᠵᠢᠭᠠᠰᠦ ᠪᠠ ᠶᠠᠰᠤᠲᠦ ᠮᠡᠯᠡᠬᠡᠢ ᠳᠤ ᠫᠧᠨᠢᠰᠢᠯᠢᠨ ᠤ ᠬᠤᠶᠠᠷᠴᠢ ᠬᠦᠴᠢᠯ ᠠᠭᠤᠯᠤᠬᠳᠠᠵᠦ | ᠪᠠᠶᠢᠭ᠎ᠠ ᠪᠤᠯᠬᠤᠷ ᠰᠤᠲᠠᠯ ᠬᠠᠲᠠᠭᠤᠷᠠᠬᠤ ᠠᠴᠠ ᠰᠡᠷᠭᠡᠶᠢᠯᠡᠵᠦ ᠴᠢᠲᠠᠨ᠎ᠠ᠃ | 4. ᠬᠠᠷ᠎ᠠ ᠲᠠᠯᠲᠠᠤ ᠳᠤ ᠴᠢᠰᠦ ᠡᠭᠡᠳᠡᠬᠦ ᠠᠴᠠ ᠰᠡᠷᠭᠡᠶᠢᠯᠡᠬᠦ ᠨᠢᠬᠡ ᠵᠦᠢᠯ ᠤᠨ ᠪᠤᠲᠠᠰ ᠪᠠᠶᠢᠳᠠᠬ᠃ ᠬᠠᠷ᠎ᠠ | ᠲᠠᠯᠲᠠᠤ ᠶᠢ ᠦᠷᠬᠦᠯᠵᠢ ᠢᠳᠡᠪᠡᠯ ᠵᠢᠷᠦᠬᠡ ᠪᠠ ᠰᠤᠲᠠᠯ ᠤᠨ ᠡᠪᠡᠳᠴᠢᠨ ᠤᠯᠬᠤ ᠠᠴᠠ ᠰᠡᠷᠭᠡᠶᠢᠯᠡᠵᠦ ᠦᠲᠡᠯᠬᠦ ᠶᠢ | ᠤᠲᠠᠭᠠᠰᠢᠷᠠᠭᠤᠯᠲᠠᠬ᠃ | 5. ᠴᠠᠭᠠᠨ ᠯᠤᠤᠪᠠᠩ᠂ ᠰᠢᠷ᠎ᠠ ᠯᠤᠤᠪᠠᠩ ᠡᠰ ᠤᠨ ᠢᠲᠡᠪᠬᠢᠵᠢᠯ ᠢ ᠰᠠᠶᠢᠵᠢᠷᠠᠭᠤᠯᠵᠦ ᠦᠮᠡᠨ ᠤ ᠡᠰ ᠢ | ᠤᠰᠠᠳᠬᠠᠬᠤ ᠴᠢᠲᠠᠪᠤᠷᠢ ᠶᠢ ᠡᠷᠴᠢᠮᠵᠢᠭᠦᠯᠲᠡᠭ᠃ ᠡᠶᠢᠮᠦ ᠠᠴᠠ ᠪᠠᠶ᠎ᠡ ᠶᠢᠨ ᠡᠪᠡᠳᠴᠢᠨ ᠢ ᠦᠯᠥ ᠬᠠᠯᠳᠠᠭᠠᠬᠤ᠂ | ᠦᠲᠡᠯᠭᠦ ᠶᠢ ᠤᠲᠠᠭᠠᠰᠢᠷᠠᠭᠤᠯᠬᠤ ᠴᠢᠲᠠᠪᠤᠷᠢ ᠶᠢ ᠨᠡᠮᠡᠭᠳᠡᠭᠦᠯᠲᠡᠭ᠃ | 6. ᠦᠨᠳᠡᠭᠡᠨ ᠮᠦᠬᠦ᠂ ᠪᠤᠷᠤ ᠮᠦᠬᠦ ᠵᠡᠷᠭᠡ ᠳᠤ ᠪᠤᠭᠤᠲᠠᠢ ᠶᠢᠨ ᠠᠯᠺᠤᠤᠯ ᠮᠡᠲᠦ ᠶᠢᠨ ᠤᠷᠭᠤᠮᠠᠯ ᠤᠨ | ᠴᠢᠨᠠᠷᠲᠠᠢ ᠲᠤᠬᠲᠠᠮᠠᠯ ᠠᠯᠺᠤᠤᠯ ᠠᠭᠤᠯᠤᠬᠳᠠᠵᠦ ᠪᠠᠶᠢᠬᠤ ᠪᠤᠯᠬᠤᠷ ᠦᠮᠡᠨ ᠢ ᠲᠠᠷᠤᠬᠤ ᠰᠠᠶᠢᠨ ᠦᠢᠯᠡᠳᠦᠯ ᠲᠠᠢ | ᠪᠠᠶᠢᠳᠠᠬ᠃ | | B ᠪᠦᠯᠦᠭ ᠢᠲᠡᠭᠡᠨ᠄ ᠲᠤᠤᠷᠠᠬᠢ ᠢᠲᠡᠬᠡᠨ ᠳᠤ ᠦᠲᠡᠯᠬᠦ ᠶᠢ ᠤᠳᠠᠭᠠᠰᠢᠷᠠᠭᠤᠯᠬᠤ ᠪᠦᠬᠡᠮ ᠬᠦᠴᠢᠯ | ᠪᠠᠶᠢᠳᠠᠬ᠃ ᠡᠬᠦᠨ ᠳᠤ᠄ | 1. ᠤᠯᠠᠨ ᠵᠦᠢᠯ ᠤᠨ ᠬᠠᠲᠠᠭᠤ ᠵᠢᠮᠢᠰ᠂ ᠢᠯᠠᠩᠭᠤᠶ᠎ᠠ ᠬᠦᠢᠯᠡᠰᠦᠨ ᠤ ᠴᠦᠮ᠎ᠠ᠂ ᠰᠢᠳ ᠤᠨ ᠴᠦᠮ᠎ᠠ | ᠪᠤᠯᠤᠨ ᠭᠠᠵᠠᠷ ᠤᠨ ᠰᠠᠮᠤᠷ ᠪᠤᠯᠤᠨ᠎ᠠ᠃ ᠢᠳᠡᠬᠦ ᠳᠡᠭᠡᠨ ᠲᠠᠪᠤᠰᠦ ᠬᠢᠬᠦ ᠪᠤᠶᠤ ᠬᠡᠮᠬᠡᠯᠡᠵᠦ ᠪᠤᠯᠬᠤ ᠦᠬᠡᠢ᠃ | 2. ᠪᠤᠭᠤᠲᠠᠢ ᠶᠢᠨ ᠨᠠᠬᠢᠶ᠎ᠠ᠃ ᠦᠷᠯᠦᠬᠡᠨ ᠤ ᠬᠤᠭᠤᠯᠠ ᠢᠳᠡᠬᠦ ᠦᠶ᠎ᠡ ᠳᠤ ᠵᠢᠮᠢᠰ ᠤᠨ ᠰᠢᠬᠦᠰᠦ ᠪᠠ ᠲᠤᠰᠤ | ᠦᠬᠡᠶᠢᠵᠢᠭᠦᠯᠦᠭᠰᠡᠨ ᠰᠦ ᠲᠠᠢ ᠢᠲᠡᠨ᠎ᠡ᠃ | 3. ᠪᠤᠭᠤᠲᠠᠢ ᠶᠢᠨ ᠬᠡᠪᠡᠭ᠃ ᠪᠤᠭᠤᠲᠠᠢ ᠶᠢᠨ ᠨᠠᠬᠢᠶ᠎ᠠ ᠶᠢ ᠤᠷᠤᠯᠠᠭᠤᠯᠬᠤ ᠪᠤᠶᠤ ᠨᠦᠬᠦᠪᠤᠷᠢᠯᠠᠵᠦ ᠪᠤᠯᠤᠨ᠎ᠠ᠃ | ᠬᠡᠪᠡᠴᠦ ᠬᠤᠰᠬᠢᠨᠠᠬ ᠦᠷᠪᠢᠰᠬᠦ ᠠᠴᠠ ᠰᠡᠷᠬᠡᠶᠢᠯᠡᠬᠦ ᠶᠢᠨ ᠲᠤᠯᠠ ᠪᠠᠭ᠎ᠠ ᠢᠳᠡᠪᠡᠯ ᠵᠤᠬᠢᠨ᠎ᠠ᠃ | 4. ᠨᠢᠴᠠᠯᠤᠬᠰᠠᠨ ᠠᠷᠪᠠᠢ᠃ ᠡᠰ ᠢ ᠨᠡᠮᠡᠭᠳᠡᠬᠦᠯᠬᠦ ᠳᠤ ᠮᠠᠰᠢ ᠲᠤᠰᠠᠲᠠᠢ᠃ | 5. ᠲᠠᠬᠢᠶᠠᠨ ᠤ ᠭᠤᠶ᠎ᠠ᠃ ᠲᠠᠬᠢᠶᠠᠨ ᠤ ᠰᠢᠮ᠎ᠡ ᠲᠡᠵᠢᠬᠡᠯ ᠨᠢ ᠭᠤᠶ᠎ᠠ ᠪᠠ ᠬᠠᠷ᠎ᠠ ᠮᠢᠬᠠᠨ ᠳᠤ ᠨᠢ ᠪᠠᠶᠢᠨ᠎ᠠ᠃ | 6. ᠦᠷᠭᠡᠰᠦᠲᠦ ᠨᠤᠭᠤᠭ᠎ᠠ ︵ᠪᠦᠸᠧᠼᠠᠢ︶᠃ ᠲᠡᠬᠦᠨ ᠳᠤ ᠡᠪᠡᠰᠦᠨ ᠤ ᠬᠦᠴᠢᠯ ᠠᠭᠤᠯᠤᠬᠳᠠᠪᠠᠴᠦ ᠶᠡᠭᠡ | ᠬᠡᠮᠵᠢᠶᠡᠨ ᠤ ᠪᠦᠬᠡᠮ ᠬᠦᠴᠢᠯ ᠢ ᠬᠠᠩᠭᠠᠵᠦ ᠦᠭᠲᠡᠭ ᠶᠤᠮ᠃ | 7. ᠪᠤᠷᠴᠠᠬ ᠤᠨ ᠵᠦᠢᠯ᠃ ᠲᠡᠭᠦᠨ ᠳᠤ ᠤᠭᠤᠷᠠᠬ ᠡᠯᠪᠡᠭ᠃ ᠮᠢᠠᠬᠨ ᠤ ᠵᠦᠢᠯ ᠪᠤᠯᠤᠨ | ᠪᠤᠯᠪᠠᠰᠤᠷᠠᠭᠤᠯᠤᠬᠰᠠᠨ ᠴᠠᠭᠠᠨ ᠢᠳᠡᠭᠡ ᠶᠢ ᠤᠷᠤᠯᠠᠵᠦ ᠪᠤᠯᠤᠨ᠎ᠠ᠃ | 8. ᠪᠤᠷᠤ ᠪᠤᠷᠴᠠᠬ ︵ᠸᠠᠨᠳᠧᠤ︶᠃ ᠮᠦᠨ ᠮᠢᠬᠠᠨ ᠤ ᠤᠭᠤᠷᠠᠬ ᠢ ᠤᠷᠤᠯᠠᠬᠴᠢ ᠢᠲᠡᠭᠡᠨ ᠮᠦᠨ᠃ | 9. ᠼᠠᠨᠳᠧᠤ᠃ ᠪᠤᠷᠤ ᠪᠤᠷᠴᠠᠭ ᠲᠠᠢ ᠠᠳᠠᠯᠢ ᠰᠢᠮ᠎ᠠ ᠲᠡᠵᠢᠬᠡᠯ ᠪᠠᠶᠢᠬᠤ ᠠᠴᠠ ᠭᠠᠲᠠᠨ᠎ᠠ ᠤᠯᠠᠨ ᠵᠦᠢᠯ ᠤᠨ | ᠰᠢᠬᠢᠷ ᠤᠨ ᠪᠦᠷᠢᠯᠳᠦᠬᠦᠨ ᠠᠭᠤᠯᠤᠬᠳᠠᠵᠦ ᠬᠦᠮᠦᠨ ᠤ ᠪᠡᠶ᠎ᠡ ᠶᠢ ᠨᠡᠩ ᠶᠡᠭᠡ ᠢᠲᠡᠪᠬᠢᠵᠢᠭᠦᠯᠲᠡᠭ᠃ | | ᠬᠦᠮᠦᠨ ᠲᠦᠷᠦᠯᠬᠢᠲᠡᠨ ᠤ ᠠᠮᠢ ᠨᠠᠰᠤ ᠶᠢ ᠤᠷᠲᠤᠳᠬᠠᠬᠤ ᠠᠨᠢᠰᠤ ᠶᠢ ᠡᠷᠢᠵᠦ ᠤᠯᠬᠤ ᠶᠢᠨ ᠲᠦᠯᠦᠬᠡ | ᠰᠢᠨᠵᠢᠯᠡᠬᠦ ᠤᠬᠠᠭᠠᠨᠲᠠᠳ ᠶᠡᠬᠡᠬᠡᠨ ᠰᠤᠲᠤᠯᠭ᠎ᠠ ᠬᠢᠵᠦ ᠤᠯᠠᠨ ᠵᠦᠢᠯ ᠤᠨ ᠤᠨᠤᠯ ᠢ ᠲᠤᠷᠠᠳᠴᠦ ᠭᠠᠷᠭᠠᠭᠰᠠᠨ | ᠪᠦᠬᠡᠳ ᠬᠦᠮᠦᠨ ᠤ ᠪᠡᠶ᠎ᠡ ᠳᠠᠬᠢ ᠪᠦᠬᠡᠮ ᠬᠦᠴᠢᠯ ᠪᠤᠯ ᠪᠠᠶ᠎ᠡ ᠳᠠᠬᠢ ᠡᠰ ᠪᠠ ᠨᠡᠬᠡᠳᠡᠰᠦ ᠶᠢ ᠴᠢᠩᠭᠠᠷᠠᠭᠤᠯᠬᠤ | ᠴᠢᠬᠤᠯᠠ ᠬᠦᠴᠦᠨ ᠵᠦᠢᠯ ᠮᠦᠨ ᠬᠡᠵᠦ ᠵᠠᠷᠢᠮᠠᠳ ᠨᠢ ᠦᠵᠡᠵᠦ ᠪᠠᠶᠢᠨ᠎ᠠ᠃ ᠬᠦᠮᠦᠰ ᠬᠠᠩᠭᠠᠮᠵᠢᠲᠠᠢ ᠪᠦᠬᠡᠮ | ᠬᠦᠴᠢᠯ ᠢ ᠲᠠᠰᠤᠷᠠᠯᠲᠠ ᠦᠬᠡᠢ ᠬᠦᠷᠲᠡᠭᠰᠡᠨ ᠤ ᠲᠠᠷᠠᠭ᠎ᠠ ᠡᠳᠡᠭᠡᠷ ᠪᠦᠬᠡᠮ ᠬᠦᠴᠢᠯ ᠨᠢ ᠦᠷᠴᠢᠯᠡᠭᠡ ᠤᠷᠤᠬᠤ ᠶᠢ | ᠬᠤᠶᠢᠰᠢᠯᠠᠭᠤᠯᠵᠦ ᠪᠠᠶ᠎ᠠ ᠶᠢᠨ ᠨᠠᠬᠡᠳᠡᠰᠦ ᠰᠤᠯᠠᠷᠠᠬᠤ᠂ ᠪᠠᠶ᠎ᠠ ᠮᠠᠬᠠᠪᠤᠳ ᠤᠨ ᠰᠢᠨ᠎ᠡ ᠬᠠᠭᠤᠴᠢᠨ ᠤ ᠰᠤᠯᠢᠭᠳᠠᠯ ᠢ | ᠬᠤᠷᠢᠭᠯᠠᠵᠤ ᠴᠢᠲᠠᠨ᠎ᠠ᠃ |