— ᠬᠡᠦᠬᠡᠳ ᠢᠶᠠᠨ ᠵᠦᠪ ᠰᠤᠷᠭᠠᠬᠤ ᠶᠢᠨ ᠲᠤᠰᠠᠳᠠ ᠤᠩᠰᠢᠭᠠᠷᠠᠢ | — ᠳ᠋᠊ · ᠳᠠᠪᠰᠢᠯᠲᠤ ᠨᠠᠶᠢᠷᠠᠭᠤᠯᠪᠠ | | ᠭᠡᠨᠡᠳᠲᠡ ᠴᠠᠰᠬᠢᠨ ᠤᠬᠢᠯᠠᠭᠰᠠᠨ ᠭᠤᠷᠪᠠᠨ ᠨᠠᠰᠤ ᠲᠠᠢ ᠬᠦᠦ ᠳᠡᠭᠡᠷ᠎ᠡ ᠪᠠᠨ ᠤᠴᠢᠭᠰᠠᠨ ᠡᠬᠡ ︽ᠮᠢᠨᠤ ᠬᠦᠦ | ᠶᠠᠭᠠᠬᠢᠭᠰᠠᠨ ᠪᠤᠢ︖︾ ᠭᠡᠵᠤ ᠠᠰᠠᠭᠤᠬᠤ ᠳᠤ ᠬᠦᠦ ᠴᠢᠯᠠᠭᠤ ᠶᠢ ᠵᠢᠭᠠᠭᠰᠠᠭᠠᠷ ᠳᠠᠭᠤ ᠲᠠᠯᠪᠢᠨ᠎ᠠ᠃ | ᠡᠵᠢ ᠨᠢ ᠬᠦᠦ ᠶᠢᠨ ᠢᠶᠠᠨ ᠭᠠᠷ ᠤᠨ ᠠᠯᠠᠭ᠎ᠠ ᠶᠢ ᠢᠯᠪᠢᠭᠰᠡᠭᠡᠷ ︽ᠤ︕ ᠬᠦᠦ ᠮᠢᠨᠢ ᠴᠢᠯᠠᠭᠤᠨ ᠳᠡᠭᠡᠷ᠎ᠡ | ᠯᠠᠪᠳᠠᠭᠤᠨ ᠵᠤᠭᠰᠤᠵᠤ ᠴᠢᠳᠠᠭᠰᠠᠨ ᠦᠭᠡᠢ ᠤᠶᠢᠴᠢᠭᠰᠠᠨ ᠶᠤᠮ ᠤᠤ︖︾ ᠭᠡᠪᠡᠯ ᠬᠦᠦ ᠲᠤᠯᠤᠭᠠᠢ ᠪᠠᠨ ᠲᠤᠬᠢᠪᠠ | ᠃ | ︽ᠵᠠ᠂ ᠮᠢᠨᠤ ᠬᠦᠦ ᠪᠤᠤ ᠤᠬᠢᠯᠠ ᠡ︕ ᠬᠤᠶᠠᠭᠤᠯᠠ ᠪᠠᠨ ᠤᠳᠤ ᠡᠨᠡ ᠴᠢᠯᠠᠭᠤ ᠶᠢ ᠢᠯᠪᠢᠶᠡ᠂ ᠪᠤᠯᠤᠨ᠎ᠠ | ᠤᠤ︖ ᠴᠢᠮ᠎ᠠ ᠳᠤ ᠬᠢᠰᠬᠢᠭᠳᠡᠭᠡᠳ ᠡᠨᠡ ᠴᠢᠯᠠᠭᠤ ᠪᠠᠰᠠ ᠡᠪᠡᠳᠴᠦ ᠪᠠᠶᠢᠨ᠎ᠠ ᠭᠡᠨ᠎ᠡ ᠰᠢᠦ︕︾ ᠭᠡᠭᠰᠡᠭᠡᠷ ᠡᠵᠢ | ᠨᠢ ᠴᠢᠯᠠᠭᠤ ᠶᠢ ᠬᠦᠩᠭᠡᠬᠡᠨ ᠢᠯᠪᠢᠵᠤ ᠡᠬᠢᠯᠡᠪᠡ᠃ | ᠡᠭᠦᠨ ᠢ ᠰᠤᠨᠤᠰᠤᠮᠠᠭᠴᠠ ︽ᠴᠢᠯᠠᠭᠤ ᠪᠠᠰᠠ ᠡᠪᠡᠳᠳᠡᠭ ᠶᠤᠮ ᠪᠠᠶᠢᠨ᠎ᠠ︾ ᠭᠡᠵᠤ ᠰᠠᠨᠠᠭᠰᠠᠨ ᠪᠤᠯᠤᠯᠲᠠᠢ | ᠬᠦᠦ ᠤᠬᠢᠯᠠᠬᠤ ᠪᠠᠨ ᠵᠤᠭᠰᠤᠭᠠᠳ᠂ ᠤᠴᠤᠶᠢᠵᠤ ᠰᠠᠭᠤᠨ ᠡᠵᠢ ᠲᠠᠢ ᠪᠠᠨ ᠬᠠᠮᠲᠤ ᠬᠦᠭᠡᠷᠦᠬᠦᠨ ᠭᠦᠯᠦᠭᠡ ᠪᠠᠨ | ᠦᠬᠦᠭᠡᠷᠳᠡᠵᠤ ᠪᠠᠶᠢᠭ᠎ᠠ ᠰᠢᠭ᠋ ᠴᠢᠯᠠᠭᠤ ᠶᠢ ᠢᠯᠪᠢᠵᠤ ᠡᠩᠬᠦᠷᠡᠶᠢᠯᠡᠨᠡ᠃ | ᠲᠡᠭᠦᠨ ᠠᠴᠠ ᠬᠤᠶᠢᠰᠢ ᠡᠨᠡ ᠬᠦᠦ ᠶᠠᠭᠤ ᠪᠦᠬᠦᠨ ᠳᠤ ᠴᠠᠶᠢᠯᠭᠠᠨ ᠰᠡᠳᠬᠢᠯ ᠢᠶᠠᠷ ᠬᠠᠨᠳᠤᠳᠠᠭ᠂ | ᠠᠭᠤᠳᠠᠮᠴᠢ ᠪᠠᠭᠲᠠᠭᠠᠮᠵᠢᠳᠠᠢ᠂ ᠬᠠᠶᠢᠷ᠎ᠠ ᠶᠢ ᠳᠡᠭᠡᠳᠦᠯᠡᠳᠡᠭ ᠬᠦᠮᠦᠨ ᠪᠤᠯᠵᠤ ᠲᠦᠯᠦᠪᠰᠢᠭᠰᠡᠨ ᠪᠠᠶᠢᠪᠠ᠃ | ᠲᠡᠭᠡᠬᠦ ᠳᠤ ᠮᠠᠨ ᠤ ᠶᠡᠬᠡᠩᠬᠢ ᠡᠴᠢᠭᠡ ᠡᠬᠡᠴᠦᠦᠯ ᠶᠠᠭ ᠡᠭᠦᠨ ᠤ ᠡᠰᠡᠷᠭᠦ ᠪᠠᠷ ︽ᠮᠢᠨᠤ ᠬᠦᠦ ᠶᠢ ᠬᠡᠨ | ᠤᠶᠢᠴᠢᠭᠤᠯᠪᠠ︖ ᠠ᠂ ᠡᠨᠡ ᠴᠢᠯᠠᠭᠤ ᠤᠤ︖ ᠡᠵᠢ ᠨᠢ ᠡᠨᠡ ᠴᠢᠯᠠᠭᠤ ᠶᠢ ᠴᠤᠬᠢᠶ᠎ᠠ᠂ ᠴᠤᠬᠢᠶ᠎ᠠ︕ ᠵᠠ ᠤᠳᠤ | ᠪᠤᠤ ᠤᠬᠢᠯᠠ ᠡ︕︾ ᠭᠡᠳ ᠨᠦᠬᠦᠭᠡ ᠴᠢᠯᠠᠭᠤ ᠶᠢ ᠬᠦᠴᠦᠲᠡᠢ ᠳᠡᠪᠢᠰᠴᠦ ᠦᠵᠡᠭᠦᠯᠬᠦ ᠶᠤᠮ ᠤᠤ ᠡᠰᠡᠭᠦᠯ᠎ᠡ | ᠴᠢᠯᠠᠭᠤ ᠶᠢ ᠠᠪᠤᠭᠠᠳ ᠬᠤᠯᠠ ᠰᠢᠳᠡᠵᠤ ᠶᠠᠪᠤᠭᠤᠯᠳᠠᠭ ᠨᠢ ᠵᠦᠩᠳᠡᠭᠡᠨ᠃ ᠡᠭᠦᠨ ᠠᠴᠠ ᠪᠤᠯᠵᠤ ᠨᠠᠭᠠᠲᠤ ᠬᠡᠦᠬᠡᠳ | ᠨᠢ ᠦᠪᠡᠷ ᠢ ᠪᠠᠨ ᠬᠤᠤᠷ ᠠᠮᠰᠠᠭᠴᠢ ᠭᠡᠮᠡᠨ ᠲᠠᠰᠤ ᠢᠲᠡᠭᠡᠭᠡᠳ ᠪᠠᠭ᠎ᠠ ᠯᠠ ᠤᠴᠢᠷ ᠪᠤᠯᠤᠮᠠᠭᠴᠠ ᠲᠤᠮᠤ ᠬᠦᠮᠤᠰ | ᠠᠴᠠ ᠠᠪᠤᠷᠠᠯ ᠡᠷᠢᠳᠡᠭ ᠮᠦᠷᠲᠡᠭᠡᠨ ᠬᠠᠮᠤᠭ ᠬᠠᠷᠢᠭᠤᠴᠠᠯᠭ᠎ᠠ ᠶᠢ ᠪᠤᠰᠤᠳ ᠲᠤ ᠲᠦᠯᠬᠢᠳᠡᠭ ᠨᠢᠭᠡ ᠨᠢ ᠪᠤᠯᠵᠤ | ᠬᠦᠮᠦᠵᠢᠭᠳᠡᠨ᠎ᠡ᠃ | ᠬᠦᠮᠦᠵᠢᠯ ᠤᠨ ᠡᠶᠢᠮᠤ ᠠᠪᠤᠰᠢ ᠦᠭᠡᠢ ᠭᠤᠨᠢᠭᠲᠤ ᠦᠵᠡᠭᠳᠡᠯ ᠬᠡᠴᠢᠨᠡᠭᠡᠨ ᠦᠷ᠎ᠡ ᠬᠤᠶᠢᠴᠢᠰ ᠢ ᠦᠭᠡᠶᠢᠬᠢᠵᠤ | ᠪᠠᠶᠢᠬᠤ ᠶᠢ ᠪᠤᠤ ᠮᠡᠳᠡ︕ |