ᠵᠣᠬᠢᠶᠠᠯ ᠤᠨ ᠳᠤᠮᠳᠠ ᠬᠦᠮᠦᠰ ᠤᠨ ᠶᠠᠷᠢᠶ᠎ᠠ ᠶᠢ ᠴᠣᠬᠤᠮ ᠳᠠᠪᠬᠤᠷ ᠬᠠᠰᠢᠯᠲᠠ ᠪᠠᠷ ᠬᠠᠰᠢᠳᠠᠭ ᠦᠦ︖ | ᠵᠢᠷᠤᠭᠠᠰᠤ ᠶᠢᠨ ᠳᠤᠤᠷ᠎ᠠ ᠵᠠᠯᠭᠠᠨ ᠪᠢᠴᠢᠳᠡᠭ ᠦᠦ︖ | ᠬᠡᠳᠦᠨ ᠨᠣᠮ ᠦᠵᠡᠭᠡᠳ ᠳᠠᠪᠬᠤᠷ ᠬᠠᠰᠢᠯᠲᠠ ᠬᠢᠭᠡᠳ ᠵᠢᠷᠤᠭᠠᠰᠤ ᠶᠢ ᠬᠡᠷᠡᠭᠯᠡᠵᠦ ᠪᠠᠶᠢᠭ᠎ᠠ ᠦᠵᠡᠭᠳᠡᠯ ᠪᠦᠷ | ᠪᠠᠶᠢᠨ᠎ᠠ᠃ ︵ᠲᠤᠰ ᠪᠢᠴᠢᠭᠡᠰᠦ ᠳᠤ ᠪᠠᠨ ᠵᠢᠷᠤᠭ ᠬᠠᠪᠰᠤᠷᠭᠠᠶᠠ ᠭᠡᠳ ᠬᠡᠳᠦᠨ ᠤᠳᠠᠭ᠎ᠠ ᠣᠷᠤᠯᠳᠤᠭᠠᠳ | ᠪᠦᠲᠦᠭᠰᠡᠨ ᠦᠭᠡᠢ︶ ᠮᠢᠨᠤ ᠬᠤᠪᠢ ᠬᠦᠮᠦᠨ ᠤ ᠦᠵᠡᠬᠦ ᠪᠠᠷ ᠢᠩᠭᠢᠪᠡᠯ ᠶᠣᠰᠣᠲᠠᠢ᠄ ᠤᠯᠠᠭᠠᠨ ᠮᠥᠷ ᠡᠬᠢᠯᠡᠩᠭᠦᠳᠡ | ᠬᠠᠰᠢᠯᠲᠠ ᠪᠣᠶᠤ ᠵᠢᠷᠤᠭᠠᠰᠤ ᠬᠡᠷᠡᠭᠯᠡᠬᠦ ᠭᠡᠪᠡᠯ᠂ ᠣᠳᠤ ᠴᠠᠭ ᠲᠤ ᠬᠡᠯᠡᠵᠦ ᠪᠠᠶᠢᠭ᠎ᠠ ᠦᠭᠡ ᠶᠢ ᠵᠢᠷᠤᠭᠠᠰᠤ ᠶᠢᠨ | ᠳᠤᠤᠷ᠎ᠠ ᠵᠠᠯᠭᠠᠨ ᠪᠢᠴᠢᠵᠦ᠂ ᠦᠩᠭᠡᠷᠡᠭᠰᠡᠨ ᠴᠠᠭ ᠲᠤ ᠬᠡᠯᠡᠭᠰᠡᠨ ᠦᠭᠡ ᠶᠢ ᠵᠢᠭᠡᠯᠡᠬᠦ᠂ ᠡᠰᠢᠯᠡᠬᠦ ᠪᠣᠶᠤ ᠳᠠᠬᠢᠨ | ᠵᠠᠷᠤᠬᠤ ᠦᠶᠡᠰ ᠬᠠᠰᠢᠯᠲᠠ ᠪᠠᠷ ᠬᠠᠰᠢᠨᠠ᠃ ᠤᠯᠠᠭᠠᠨ ᠮᠥᠷ ᠡᠬᠢᠯᠡᠬᠦ ᠦᠶ᠎ᠡ ᠳᠤ ᠬᠡᠨ ᠬᠡᠯᠡᠭᠰᠡᠨ ᠢ | ᠲᠣᠳᠤᠷᠬᠠᠶᠢᠯᠠᠵᠤ ᠪᠠᠶᠢᠪᠠᠯ ᠳᠠᠪᠬᠤᠷ ᠬᠠᠰᠢᠯᠲᠠ ᠶᠢ ᠬᠡᠷᠡᠭᠯᠡᠨ᠎ᠡ᠃ | | ᠵᠢᠱᠢᠶᠡᠯᠡᠪᠡᠯ᠄ | -- ᠬᠦᠶ᠋ᠢ᠂ ᠪᠠᠲᠤ ᠡ᠂ ᠠᠯᠠᠭ ᠦᠬᠡᠷ ᠴᠢᠨᠢ ᠰᠢᠪᠠᠷᠲᠤᠵᠠᠢ᠂ ᠬᠤᠷᠳᠤᠨ ᠢᠷ᠎ᠡ︕ ᠭᠡᠳ ᠴᠣᠭᠲᠤ | ᠤᠲᠠᠰᠤ ᠪᠠᠷ ᠳᠠᠮᠵᠢᠨ ᠶᠠᠭᠠᠷᠠᠨ ᠬᠡᠯᠡᠬᠦ ᠳᠤ᠂ | -- ᠰᠢᠪᠠᠷᠲᠤᠪᠠᠯ ᠰᠢᠪᠠᠷᠲᠤᠭ᠂ ᠶᠠᠭ ᠰᠠᠶᠢᠬᠠᠨ ᠠᠷᠢᠬᠢ ᠤᠤᠭᠤᠶ᠎ᠠ ᠭᠡᠳ ᠬᠠᠲᠠᠭᠠᠭᠰᠠᠨ ᠪᠣᠷᠴᠠ ᠳᠤᠲᠠᠵᠤ | ᠪᠠᠶᠢᠨ᠎ᠠ᠃ ᠭᠡᠳ ᠪᠠᠲᠤ ᠶᠠᠭᠠᠷᠠᠯ ᠦᠭᠡᠢ ᠠᠷᠢᠬᠢ ᠪᠠᠨ ᠤᠤᠭᠤᠨ᠎ᠠ᠃ ᠲᠡᠷᠡ ᠰᠦᠨᠢ ᠴᠣᠭᠲᠤ ᠡᠬᠡᠨᠡᠷ ᠲᠠᠢ ᠪᠠᠨ | ᠪᠤᠳᠠᠭ᠎ᠠ ᠢᠳᠡᠵᠦ ᠪᠠᠶᠢᠪᠠ᠃ ᠴᠣᠭᠲᠤ᠄ ︽ᠪᠠᠲᠤ ᠶᠢᠨ ᠭᠡᠷ ᠦᠨᠡᠬᠡᠷ ᠵᠣᠭᠤᠰ ᠲᠠᠢ︾ ᠭᠡᠪᠡ᠃ | -- ᠲᠡᠷᠡ ᠠᠷᠢᠬᠢᠨ ᠰᠣᠭᠲᠤᠭᠤ ᠶᠠᠮᠠᠷ ᠵᠣᠭᠤᠰ ᠲᠠᠢ ᠪᠣᠢ︖ | -- ᠦᠬᠡᠷ ᠨᠢ ᠰᠢᠪᠠᠷᠲᠤᠭᠠᠳ ᠪᠠᠶᠢᠬᠤ ᠳᠤ ᠶᠠᠭᠤ ᠭᠡᠵᠦ ᠬᠡᠯᠡᠭᠰᠡᠨ ᠢ ᠮᠡᠳᠡᠨ᠎ᠡ ᠦᠦ︖ | -- ᠶᠠᠭᠤ ᠬᠡᠯᠡᠪᠡ︖ | ᠴᠣᠭᠲᠤ ᠰᠠᠪᠬ᠎ᠠ ᠪᠠᠨ ᠳᠠᠯᠪᠢᠨ᠂ ᠪᠠᠲᠤ ᠶᠢᠨ ᠨᠠᠮᠪᠠᠭ᠎ᠠ ᠶᠢ ᠳᠠᠭᠤᠷᠢᠶᠠᠨ᠄ ︽ᠰᠢᠪᠠᠷᠲᠤᠪᠠᠯ ᠰᠢᠪᠠᠷᠲᠤᠭ᠂ | ᠶᠠᠭ ᠰᠠᠶᠢᠬᠠᠨ ᠠᠷᠢᠬᠢ ᠤᠤᠭᠤᠶ᠎ᠠ ᠭᠡᠳ ᠬᠠᠲᠠᠭᠠᠭᠰᠠᠨ ᠪᠣᠷᠴᠠ ᠳᠤᠲᠠᠵᠤ ᠪᠠᠶᠢᠨ᠎ᠠ︾ ᠭᠡᠳ ᠪᠠᠲᠤ ᠶᠢᠨ ᠡᠳᠦᠷ ᠲᠤ | ᠬᠡᠯᠡᠭᠰᠡᠨ ᠢ ᠡᠬᠡᠨᠡᠷ ᠲᠤ ᠪᠠᠨ ᠳᠠᠪᠲᠠᠨ ᠬᠡᠯᠡᠪᠡ᠃ ᠲᠡᠷᠡ ᠡᠳᠦᠷ ᠠᠴᠠ ᠰᠡᠭᠦᠯᠡᠷ ᠨᠢᠭᠡ ᠠᠶᠢᠯ ᠤᠨ ᠬᠦᠮᠦᠰ | ᠪᠠᠲᠤ ᠶᠢ ᠬᠡᠯᠡᠬᠦ ᠪᠣᠯᠭᠠᠨ ︽ᠰᠢᠪᠠᠷᠲᠤᠪᠠᠯ ᠰᠢᠪᠠᠷᠲᠤᠭ᠂ ᠶᠠᠭ ᠰᠠᠶᠢᠬᠠᠨ ᠠᠷᠢᠬᠢ ᠤᠤᠭᠤᠶ᠎ᠠ ᠭᠡᠳ ᠬᠠᠲᠠᠭᠠᠭᠰᠠᠨ | ᠪᠣᠷᠴᠠ ᠳᠤᠲᠠᠵᠤ ᠪᠠᠶᠢᠨ᠎ᠠ︾ ᠭᠡᠰᠡᠨ ᠦᠭᠡ ᠶᠢ ᠪᠣᠳᠤᠵᠤ ᠣᠯᠳᠠᠭ ᠪᠣᠯᠵᠠᠢ᠃ | | ᠲᠣᠳᠤᠷᠬᠠᠶᠢᠯᠠᠬᠤ ᠨᠢ᠄ ᠨᠢᠭᠡ ᠵᠣᠬᠢᠶᠠᠯ ᠳᠤᠮᠳᠠ ᠣᠲᠣ ᠴᠠᠭ ᠤᠨ ᠶᠠᠷᠢᠶ᠎ᠠ ᠶᠢ ᠪᠦᠷ ᠬᠠᠰᠢᠯᠲᠠ ᠬᠡᠷᠡᠭᠯᠡᠬᠦ | ᠪᠣᠶᠤ ᠪᠦᠷ ᠵᠢᠷᠤᠭᠠᠰᠤ ᠶᠢ ᠬᠡᠷᠡᠭᠯᠡᠪᠡᠯ ᠵᠣᠬᠢᠰᠲᠠᠢ᠃ ︵ᠪᠢ ᠵᠢᠷᠤᠭᠠᠰᠤ ᠳᠡᠮᠳᠡᠭ ᠬᠡᠷᠡᠭᠯᠡᠬᠦ ᠶᠢ ᠰᠤᠷᠲᠠᠯᠴᠢᠯᠠᠨ᠎ᠠ᠃︶ | |