ᠰᠦᠯᠵᠢᠶᠡᠨ ᠵᠢᠭᠠᠨ ᠰᠤᠷᠭᠠᠯᠲᠠ ᠪᠣᠯ ᠪᠠᠭᠰᠢ ᠰᠤᠷᠤᠭᠴᠢ ᠶᠢ ᠠᠯᠤᠰ ᠡᠵᠡᠮᠰᠢᠯ ᠢᠶᠠᠷ ᠵᠢᠭᠠᠨ ᠵᠢᠯᠤᠭᠤᠳᠬᠤ | ᠤᠨᠴᠠᠭᠠᠢ ᠨᠢᠭᠡᠨ ᠵᠢᠭᠠᠨ ᠰᠤᠷᠭᠠᠯᠲᠠ ᠶᠢᠨ ᠬᠡᠯᠪᠡᠷᠢ ᠪᠣᠯᠤᠨ᠎ᠠ᠃ ᠪᠠᠭ᠎ᠠ ᠰᠤᠷᠭᠠᠭᠤᠯᠢ ᠶᠢᠨ ᠬᠡᠦᠭᠡᠳ ᠤᠨ ᠨᠠᠰᠤᠨ ᠤ | ᠤᠨᠴᠠᠯᠢᠭ ᠬᠢᠭᠡᠳ ᠬᠦᠯᠢᠶᠡᠨ ᠠᠪᠬᠤ ᠴᠢᠳᠠᠪᠤᠷᠢ ᠶᠢᠨ ᠬᠡᠮᠵᠢᠶ᠎ᠡ ᠠᠴᠠ ᠪᠣᠯᠵᠤ᠂ ᠪᠠᠭ᠎ᠠ ᠰᠤᠷᠭᠠᠭᠤᠯᠢ ᠶᠢᠨ | ᠰᠦᠯᠵᠢᠶᠡᠨ ᠵᠢᠭᠠᠨ ᠰᠤᠷᠭᠠᠯᠲᠠ ᠶᠢᠨ ᠶᠠᠪᠤᠴᠠ ᠳᠤ ᠲᠣᠤᠷᠠᠬᠢ ᠮᠡᠲᠦ ᠬᠡᠳᠦᠨ ᠲᠠᠯ᠎ᠠ ᠪᠠᠷ ᠬᠢᠴᠢᠶᠡᠯ ᠪᠡᠯᠡᠳᠭᠡᠵᠦ᠂ | ᠰᠦᠯᠵᠢᠶᠡᠨ ᠵᠢᠭᠠᠨ ᠰᠤᠷᠭᠠᠯᠲᠠ ᠶᠢᠨ ᠬᠤᠷᠴᠡ ᠰᠡᠷᠭᠡᠭ ᠴᠢᠨᠠᠷ ᠢ ᠪᠣᠳᠤᠯᠬᠢᠯᠠᠨ ᠵᠠᠷᠢᠮ ᠠᠩᠬᠠᠷᠬᠤ ᠵᠤᠬᠢᠰᠳᠠᠢ | ᠵᠦᠢᠯᠡᠰ ᠢ ᠰᠠᠶᠢᠳᠤᠷ ᠮᠡᠳᠡᠪᠡᠯ ᠵᠤᠬᠢᠨ᠎ᠠ᠃ | | ⒈ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠰᠦᠯᠵᠢᠶ᠎ᠡ ᠪᠠᠷ ᠬᠦᠯᠢᠶᠡᠨ ᠠᠪᠴᠤ ᠤᠶᠢᠯᠠᠭᠠᠵᠤ ᠡᠵᠡᠮᠰᠢᠵᠦ | ᠴᠢᠳᠠᠬᠤ ᠠᠭᠤᠯᠭ᠎ᠠ ᠶᠢ ᠰᠤᠩᠭᠤᠨ ᠪᠡᠯᠡᠳᠭᠡᠨ᠎ᠡ᠃ | | ⒉ᠰᠤᠩᠭᠤᠭᠰᠠᠨ ᠠᠭᠤᠯᠭ᠎ᠠ ᠪᠠᠨ ᠠᠳᠠᠯᠢ ᠣᠨ ᠤ ᠬᠢᠴᠢᠶᠡᠯᠯᠡᠭᠴᠢ ᠪᠠᠭᠰᠢ ᠨᠠᠷ ᠨᠢ ᠬᠤᠪᠢᠶᠠᠨ ᠠᠪᠴᠤ᠂ | ᠨᠢᠭᠡ ᠬᠦᠮᠦᠨ ᠭᠤᠤᠯᠯᠠᠨ ᠪᠡᠯᠡᠳᠭᠡᠭᠰᠡᠨ ᠰᠠᠭᠤᠷᠢᠨ ᠲᠡᠭᠡᠷ᠎ᠡ ᠪᠣᠰᠤᠳ ᠪᠠᠭᠰᠢ ᠨᠠᠷ ᠬᠠᠮᠳᠤᠪᠠᠷ ᠶᠠᠷᠢᠯᠴᠠᠨ | ᠨᠠᠷᠢᠯᠢᠭᠵᠢᠭᠤᠯᠤᠨ ᠰᠢᠯᠢᠳᠡᠭᠵᠢᠬᠦᠯᠦᠨ᠎ᠡ᠃ ᠬᠢᠴᠢᠶᠡᠯ ᠲᠦᠷᠦᠯ ᠪᠠ ᠣᠨ ᠤ ᠲᠤᠭᠤᠶᠢᠯᠠᠩ ᠤᠨ ᠪᠠᠭᠰᠢ ᠨᠠᠷ ᠨᠢ | ᠬᠠᠮᠵᠢᠯᠴᠠᠭ᠎ᠠ ᠪᠠᠨ ᠨᠢᠭᠲᠠᠷᠠᠭᠤᠯᠵᠤ᠂ ᠬᠠᠷᠢᠯᠴᠠᠨ ᠬᠠᠮᠵᠢᠯᠴᠠᠨ ᠬᠠᠮᠳᠤᠪᠠᠷ ᠰᠤᠳᠤᠯᠤᠨ᠂ ᠬᠠᠮᠳᠤᠪᠠᠷ ᠪᠡᠯᠡᠳᠭᠡᠵᠦ᠂ | ᠵᠢᠭᠠᠨ ᠰᠤᠷᠭᠠᠯᠲᠠ ᠡᠬᠢ ᠰᠤᠷᠪᠤᠯᠵᠢ ᠶᠢ ᠬᠠᠮᠳᠤᠪᠠᠷ ᠬᠤᠪᠢᠶᠠᠯᠴᠠᠨ ᠰᠢᠯᠢᠳᠡᠭ ᠰᠠᠶᠢᠨ ᠦᠷ᠎ᠡ ᠠᠰᠢᠭᠲᠤ | ᠰᠦᠯᠵᠢᠶᠡᠨ ᠵᠢᠭᠠᠨ ᠰᠤᠷᠭᠠᠯᠲᠠ ᠶᠢ ᠶᠠᠪᠤᠭᠳᠠᠭᠤᠯᠬᠤ ᠪᠠᠷ ᠪᠡᠯᠡᠳᠬᠡᠨ᠎ᠡ᠃ | | ⒊ᠬᠢᠴᠢᠶᠡᠯ ᠪᠡᠯᠡᠳᠭᠡᠬᠦ ᠶᠠᠪᠤᠴᠠ ᠳᠤ ᠡᠯ᠎ᠡ ᠵᠦᠢᠯ ᠤᠨ ᠮᠡᠳᠡᠭᠡ ᠵᠠᠭᠤᠴᠢᠯᠠᠭᠤᠷ ᠢ ᠵᠤᠬᠢᠰᠳᠠᠢ ᠠᠰᠢᠭᠯᠠᠵᠤ | ᠵᠢᠭᠠᠨ ᠰᠤᠷᠭᠠᠯᠲᠠ ᠳᠤ ᠪᠠᠨ ᠠᠮᠢᠳᠤᠯᠢᠭ ᠦᠢᠯᠡᠴᠢᠯᠡᠬᠦᠯᠦᠨ᠂ ᠬᠠᠮᠤᠭ ᠲᠥᠭᠦᠮ ᠤᠶᠢᠯᠠᠭᠠᠮᠵᠢᠲᠠᠢ ᠠᠷᠭ᠎ᠠ | ᠬᠡᠯᠪᠡᠷᠢ ᠪᠠᠷ ᠵᠢᠭᠠᠨ ᠰᠤᠷᠭᠠᠬᠤ ᠠᠭᠤᠯᠭ᠎ᠠ ᠪᠠᠨ ᠰᠤᠷᠤᠭᠴᠢᠳ ᠲᠤ ᠬᠦᠷᠭᠡᠨ ᠡᠵᠡᠮᠰᠢᠬᠦᠯᠬᠦ ᠶᠢ ᠪᠣᠳᠤᠯᠬᠢᠯᠠᠬᠤ | ᠭᠡᠷᠡᠭᠳᠡᠢ᠃ ᠪᠢᠴᠢᠯ ᠬᠢᠴᠢᠶᠡᠯ ᠦᠢᠯᠡᠳᠬᠦ ᠳᠤ ᠪᠠᠨ ᠶᠠᠮᠠᠷ ᠨᠢᠭᠡᠨ ᠮᠡᠳᠡᠯᠭᠡ ᠶᠢᠨ ᠴᠡᠭ( ᠭᠤᠤᠯᠳᠠᠯᠭ᠎ᠠ᠂ | ᠬᠦᠴᠢᠷᠳᠡᠯᠭᠡ ᠪᠠ ᠶᠠᠮᠠᠷ ᠨᠢᠭᠡᠨ ᠮᠠᠳᠠᠭ ᠲᠠᠢ ᠵᠦᠢᠯ) ᠡᠰᠡᠬᠦᠯ᠎ᠡ ᠵᠢᠭᠠᠨ ᠰᠤᠷᠭᠠᠯᠲᠠ ᠶᠢᠨ ᠠᠯᠢ ᠨᠢᠭᠡ ᠭᠡᠰᠡᠭ ᠢ | ᠰᠤᠷᠤᠭᠴᠢ ᠶᠢᠨ ᠥᠪᠡᠷᠳᠡᠭᠡᠨ ᠰᠤᠷᠤᠯᠴᠠᠬᠤ ᠳᠤ ᠵᠤᠷᠢᠭᠤᠯᠤᠨ ᠠᠮᠢᠳᠤᠯᠢᠭ ᠳᠦᠷᠰᠦᠯᠢᠭ ᠵᠢᠭᠠᠭᠰᠠᠨ᠂ ᠣᠬᠤᠷ | ᠪᠦᠭᠡᠳ ᠨᠠᠷᠢᠯᠢᠭ ᠪᠦᠳᠦᠴᠡ ᠲᠠᠢ ᠪᠠᠶᠢᠯᠭᠠᠬᠤ ᠶᠢ ᠠᠩᠬᠠᠷᠤᠨ᠎ᠠ᠃ | | ⒋ ᠰᠤᠷᠤᠭᠴᠢᠳ ᠲᠤ ᠶᠠᠪᠤᠭᠤᠯᠬᠤ ᠰᠢᠩᠭᠡᠭᠡᠯᠲᠡ᠂ ᠪᠢᠴᠢᠯ ᠬᠢᠴᠢᠶᠡᠯ ᠵᠡᠷᠭᠡ ᠶᠢᠨ ᠲᠠᠭᠤ ᠠᠪᠢᠶ᠎ᠠ ᠵᠥᠪ | ᠪᠠᠷᠢᠮᠵᠢᠶ᠎ᠠ ᠤᠷᠤᠰᠤᠮ᠎ᠠ ᠲᠤᠳᠤ ᠪᠠᠶᠢᠬᠤ ᠪᠠ ᠵᠢᠷᠤᠭ ᠰᠡᠭᠦᠳᠡᠷ᠂ ᠲᠦᠷᠰᠦ ᠪᠢᠴᠢᠯᠭᠡ ᠶᠢᠨ ᠲᠤᠳᠤᠴᠡ ᠶᠢᠨ ᠬᠡᠮᠵᠢᠶ᠎ᠡ | ᠰᠠᠶᠢᠨ ᠪᠠᠶᠢᠬᠤ ᠶᠢ ᠠᠩᠬᠠᠷᠴᠤ᠂ ᠰᠤᠷᠤᠭᠴᠢᠳ ᠲᠤ ᠲᠤᠭᠳᠠᠭᠰᠠᠨ ᠴᠠᠭ ᠲᠤ ᠪᠠᠨ ᠰᠠᠭᠠᠳ ᠦᠭᠡᠢ ᠬᠦᠯᠢᠶᠡᠨ | ᠠᠪᠴᠤ ᠦᠵᠡᠵᠦ ᠴᠢᠳᠠᠬᠤ ᠶᠢ ᠬᠦᠢᠴᠡᠳ ᠪᠣᠳᠤᠯᠬᠢᠯᠠᠬᠤ ᠭᠡᠷᠡᠭᠳᠡᠢ᠃ ᠡᠩ ᠤᠨ ᠪᠠᠶᠢᠳᠠᠯ ᠳᠤ ᠪᠢᠴᠢᠯ ᠬᠢᠴᠢᠶᠡᠯ᠂ | ᠰᠢᠩᠭᠡᠭᠡᠯᠲᠡ ᠶᠢ ᠬᠠᠮᠤᠭ ᠣᠬᠤᠷ ᠴᠠᠭ ᠲᠤ ᠬᠠᠮᠤᠭ ᠭᠤᠤᠯᠳᠠᠯᠭ᠎ᠠ ᠲᠠᠢ ᠵᠦᠢᠯ ᠢ ᠲᠣᠪᠤᠶᠢᠯᠭᠠᠨ ᠢᠯᠡᠷᠡᠭᠦᠯᠦᠭᠰᠡᠨ | ᠪᠠᠶᠢᠪᠠᠯ ᠵᠤᠬᠢᠨ᠎ᠠ᠃ | | ⒌ᠰᠤᠷᠤᠭᠴᠢ ᠶᠢᠨ ᠨᠠᠰᠤᠨ ᠤ ᠤᠨᠴᠠᠯᠢᠭ ᠪᠠ ᠬᠦᠯᠢᠶᠡᠨ ᠠᠪᠬᠤ ᠴᠢᠳᠠᠪᠤᠷᠢ ᠳᠤ ᠵᠤᠬᠢᠴᠠᠭᠤᠯᠤᠨ᠂ ᠵᠢᠭᠠᠬᠤ | ᠠᠭᠤᠯᠭ᠎ᠠ ᠳᠤ ᠬᠤᠯᠪᠤᠭᠳᠠᠭᠰᠠᠨ ᠪᠢᠴᠢᠯ ᠬᠢᠴᠢᠶᠡᠯ᠂ ᠲᠦᠷᠰᠦᠲᠤ ᠪᠢᠴᠢᠯᠭᠡ᠂ ᠲᠠᠭᠤᠤ ᠬᠥᠭᠵᠢᠮ᠂ ᠲᠤᠭᠯᠠᠭᠠᠮᠲᠤ | ᠬᠡᠯᠪᠡᠷᠢ᠂ ᠤᠶᠤᠨ ᠤ ᠮᠦᠷᠦᠶᠢᠴᠡᠭᠡᠨ ᠵᠡᠷᠭᠡ ᠰᠦᠯᠵᠢᠶᠡᠨ ᠵᠢᠭᠠᠨ ᠰᠤᠷᠭᠠᠯᠲᠠ ᠶᠢᠨ ᠰᠤᠨᠢᠷᠬᠠᠯᠲᠤ ᠠᠷᠭ᠎ᠠ | ᠬᠡᠯᠪᠡᠷᠢ ᠶᠢ ᠪᠦᠳᠦᠭᠡᠯᠴᠢ ᠪᠠᠷ ᠠᠰᠢᠭᠯᠠᠨ ᠰᠤᠷᠤᠭᠴᠢᠳ ᠤᠨ ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠨ᠎ᠡ᠃ | ⒍ᠰᠦᠯᠵᠢᠶᠡᠨ ᠵᠢᠭᠠᠨ ᠰᠤᠷᠭᠠᠯᠲᠠ ᠶᠢᠨ ᠶᠠᠪᠤᠴᠠ ᠳᠤ ᠵᠢᠭᠠᠨ ᠵᠢᠯᠤᠭᠤᠳᠤᠯ᠊ | ᠭᠠ ᠪᠠᠨ ᠨᠠᠷᠢᠯᠢᠭᠵᠢᠭᠤᠯᠤᠨ ᠪᠤᠳᠠᠳᠠᠶᠢᠵᠢᠭᠤᠯᠵᠤ᠂ ᠰᠤᠷᠤᠭᠴᠢ ᠶᠢᠨ ᠪᠠᠳᠤᠳᠬᠠᠯ ᠪᠣᠯᠪᠠᠰᠤᠷᠠᠯ ᠢ ᠴᠠᠭ ᠲᠤᠬᠠᠢ ᠳᠤ | ᠨᠢ ᠬᠦᠢᠴᠡᠳᠬᠡᠵᠦ᠂ ᠵᠢᠭᠠᠨ ᠰᠤᠷᠭᠠᠯᠲᠠ ᠶᠢᠨ ᠦᠷ᠎ᠡ ᠠᠰᠢᠭ ᠢᠶᠠᠨ ᠠᠯᠢ ᠴᠢᠳᠠᠬᠤ ᠪᠠᠷ ᠲᠡᠭᠡᠭᠰᠢᠯᠡᠬᠦᠯᠦᠨ᠎ᠡ᠃ | | ⒎ᠭᠡᠷ ᠤᠨ ᠠᠬᠠᠮᠠᠳ ᠤᠨ ᠬᠠᠮᠳᠤᠷᠠᠯᠴᠠᠭ᠎ᠠ ᠪᠠᠨ ᠰᠠᠶᠢᠵᠢᠷᠠᠭᠤᠯᠵᠤ᠂ ᠭᠡᠷ ᠪᠦᠯᠢ ᠶᠢᠨ ᠰᠦᠯᠵᠢᠶᠡᠨ ᠵᠢᠭᠠᠨ | ᠰᠤᠷᠭᠠᠯᠲᠠ ᠳᠠᠬᠢ ᠴᠢᠬᠤᠯᠠ ᠦᠢᠯᠡᠳᠦᠯ ᠢ ᠵᠥᠪ ᠲᠠᠨᠢᠭᠤᠯᠤᠨ᠂ ᠭᠡᠷ ᠤᠨ ᠠᠬᠠᠮᠠᠳ ᠨᠠᠷ ᠤᠨ ᠬᠠᠪᠰᠤᠷᠤᠯᠭ᠎ᠠ | ᠲᠡᠮᠵᠢᠯᠭᠡ ᠪᠠ ᠬᠢᠨᠠᠨ ᠬᠠᠮᠢᠶᠠᠷᠤᠯᠲᠠ ᠲᠣᠤᠷ᠎ᠠ ᠰᠤᠷᠤᠭᠴᠢ ᠪᠠᠨ ᠰᠠᠶᠢᠳᠤᠷ ᠵᠤᠬᠢᠶᠠᠨ ᠪᠠᠶᠢᠭᠤᠯᠤᠨ᠂ ᠰᠦᠯᠵᠢᠶᠡᠨ | ᠵᠢᠭᠠᠨ ᠰᠤᠷᠭᠠᠯᠲᠠ ᠶᠢ ᠴᠠᠭ ᠲᠤᠬᠠᠢ ᠳᠤ ᠨᠢ ᠦᠷ᠎ᠡ ᠪᠦᠳᠦᠮᠵᠢᠳᠡᠢ ᠪᠠᠷ ᠬᠦᠷᠳᠡᠭᠡᠬᠦ ᠶᠢ ᠪᠠᠳᠤᠯᠠᠨ᠎ᠠ᠃ | | ⒏ᠰᠦᠯᠵᠢᠶᠡᠨ ᠵᠢᠭᠠᠨ ᠰᠤᠷᠭᠠᠯᠲᠠ ᠶᠢᠨ ᠶᠠᠪᠤᠴᠠ ᠶᠢᠨ ᠡᠷᠭᠢᠴᠡᠬᠦᠯᠦᠯ ᠲᠤᠩᠭᠠᠯᠲᠠ ᠶᠢ ᠰᠠᠶᠢᠳᠤᠷ ᠬᠢᠵᠦ᠂ | ᠤᠷᠤᠰᠢᠵᠤ ᠪᠠᠶᠢᠭ᠎ᠠ ᠠᠰᠠᠭᠤᠳᠠᠯ ᠢ ᠴᠠᠭ ᠲᠠᠷᠤᠢ ᠳᠤ ᠬᠠᠯᠠᠨ ᠰᠠᠶᠢᠵᠢᠷᠠᠭᠤᠯᠤᠨ᠎ᠠ᠃ | | ⒐ ᠲᠤᠤᠷ ᠰᠦᠯᠵᠢᠶ᠎ᠡ᠂ ᠮᠡᠳᠡᠭᠡ ᠵᠠᠭᠤᠴᠢᠯᠠᠭᠤᠷ ᠤᠨ ᠨᠥᠯᠦᠭᠡ ᠲᠤᠰᠬᠠᠯ ᠢ ᠰᠠᠶᠢᠳᠤᠷ ᠠᠩᠬᠠᠷᠴᠤ᠂ | ᠨᠡᠶᠢᠭᠡᠮ ᠨᠡᠶᠢᠲᠡ ᠳᠤ ᠰᠢᠨ᠎ᠡ ᠴᠠᠭ ᠦᠶ᠎ᠡ ᠶᠢᠨ ᠰᠢᠯᠢᠳᠡᠭ ᠰᠠᠶᠢᠨ ᠪᠠᠭᠰᠢ ᠶᠢᠨ ᠲᠦᠷᠢ ᠲᠥᠷᠬᠦ ᠶᠢ ᠪᠤᠢ ᠪᠣᠯᠭᠠᠬᠤ | ᠭᠡᠷᠡᠭᠳᠡᠢ᠃ | | ⒑ᠭᠡᠷ ᠤᠨ ᠠᠬᠠᠮᠠᠳ ᠪᠠ ᠰᠤᠷᠤᠭᠴᠢᠳ ᠲᠤ ᠭᠠᠷ ᠤᠳᠠᠰᠤ᠂ ᠲᠤᠤᠷ ᠰᠦᠯᠵᠢᠶ᠎ᠡ ᠶᠢ ᠵᠥᠪ ᠠᠰᠢᠭᠯᠠᠬᠤ ᠶᠢ | ᠰᠤᠷᠳᠠᠯᠴᠢᠯᠠᠨ ᠤᠬᠠᠭᠤᠯᠤᠨ᠎ᠠ᠃ |