ᠤᠷᠴᠢᠨ ᠦᠶ᠎ᠡ ᠳᠤ ᠬᠡᠤᠬᠡᠳ ᠦᠰᠭᠡᠨ ᠬᠦᠮᠦᠵᠢᠬᠦᠯᠬᠦ ᠠᠵᠢᠯ ᠶᠡᠭᠡ ᠬᠦᠨᠳᠦ ᠪᠤᠯᠵᠠᠢ᠃ ᠡᠨᠡ ᠪᠤᠯ ᠡᠴᠢᠭᠡ | ᠡᠬᠡ ᠶᠢᠨ ᠡᠬᠦᠷᠭᠡ ᠮᠦᠨ᠃ ᠪᠢᠳᠡ ᠦᠨᠦᠳᠦᠷ ᠬᠡᠤᠬᠡᠳ ᠤᠳ ᠢᠶᠠᠨ ᠨᠦᠯᠦᠭᠡᠯᠡᠭᠰᠡᠨ ᠢᠶᠠᠷ ᠲᠡᠬᠦᠨ ᠤ ᠢᠷᠡᠭᠡᠳᠦᠢ | ᠶᠢ ᠲᠤᠳᠤᠷᠬᠠᠶᠢᠯᠠᠬᠤ ᠪᠤᠯᠤᠨ᠎ᠠ᠃ ᠬᠡᠤᠬᠡᠳ ᠤᠳ ᠠᠯᠤᠰ ᠢᠷᠡᠭᠡᠳᠦᠢ ᠶᠢᠨ ᠶᠢᠷᠲᠢᠨᠴᠦ ᠶᠢ ᠪᠤᠰᠬᠠᠬᠤ ᠪᠢᠳᠡᠨ ᠤ | ᠵᠠᠯᠭᠠᠮᠵᠢ ᠬᠤᠶᠢᠴᠢ ᠦᠶ᠎ᠡ᠂ ᠲᠡᠶᠢᠮᠦ ᠴᠤ ᠤᠴᠢᠷ ᠠᠴᠠ ᠲᠡᠳᠡᠨ ᠢ ᠪᠠᠨ ᠵᠦᠪ ᠴᠢᠭᠯᠡᠯ ᠳᠤ ᠨᠢ ᠤᠷᠤᠭᠤᠯᠬᠤ ᠨᠢ | ᠪᠢᠳᠡᠨ ᠤ ᠡᠬᠦᠷᠭᠡ᠃ ᠬᠦᠮᠦᠨ ᠪᠤᠯᠭᠠᠨ ᠦᠪᠡᠷ ᠤᠨ ᠭᠡᠰᠡᠨ ᠬᠦᠮᠦᠵᠢᠯ ᠤᠨ ᠠᠷᠭ᠎ᠠ ᠪᠠᠷᠢᠯ᠂ ᠲᠦᠷᠢᠮ ᠲᠠᠢ | ᠪᠠᠶᠢᠳᠠᠭ᠂ ᠡᠨᠡ ᠨᠢ ᠴᠤ ᠬᠡᠪ ᠤᠨ ᠵᠤᠶᠢᠯ᠃ ᠬᠡᠤᠬᠡᠳ᠂ ᠲᠤᠮᠤᠴᠤᠳ ᠤᠨ ᠳᠤᠮᠳᠠ ᠢᠯᠭᠠᠭ᠎ᠠ ᠶᠡᠭᠡ ᠪᠤᠢ᠃ ᠭᠡᠬᠦ | ᠳᠡᠭᠡᠨ ᠲᠤᠮᠤᠴᠤᠳ ᠤᠨ ᠵᠠᠪᠠᠯ ᠮᠦᠷᠳᠡᠵᠦ ᠪᠠᠶᠢᠬᠤ ᠶᠤᠰᠤᠳᠠᠢ ᠦᠨᠳᠦᠰᠦᠨ ᠵᠠᠷᠴᠢᠮ ᠤᠳ ᠭᠡᠵᠦ ᠪᠠᠶᠢᠬᠤ ᠠᠵᠠᠢ᠃ | ᠲᠡᠷᠡᠬᠦ 10 ᠲᠦᠷᠢᠮ ᠪᠤᠯ᠄ | 1᠂ ᠦᠪᠡᠷ ᠤᠨ ᠲᠠᠨᠢ ᠪᠤᠷᠤᠭᠤ ᠪᠠᠶᠢᠪᠠᠯ ᠬᠡᠤᠬᠡᠳᠡᠴᠠ ᠪᠠᠨ ᠠᠭᠤᠴᠢᠯᠠᠯᠳᠠ ᠭᠤᠶᠤᠵᠤ ᠪᠠᠶᠢᠭᠠᠷᠠᠢ᠃ | 2᠂ ᠦᠪᠡᠷ ᠢ ᠪᠠᠨ ᠬᠡᠤᠬᠡᠳ ᠠᠴᠠ ᠨᠠᠰᠤ ᠪᠠᠷ ᠠᠬᠢᠮᠠᠭ ᠤᠴᠢᠷ ᠠᠴᠠ ᠢᠯᠡᠬᠦᠦ ᠤᠬᠠᠭᠠᠨᠳᠠᠢ ᠭᠡᠵᠦ ᠪᠤᠤ | ᠪᠤᠳᠤ᠃ | 3᠂ ᠬᠡᠤᠬᠡᠳ ᠤᠳ ᠲᠠᠨᠢ ᠲᠠᠨ ᠳᠤ ᠪᠤᠯᠤᠨ ᠪᠤᠰᠤᠳ ᠲᠤ ᠰᠠᠶᠢᠨ ᠦᠢᠯᠡ ᠬᠢᠪᠡᠯ ᠡᠬᠦᠨ ᠳᠤ ᠨᠢ ᠵᠠᠪᠠᠯ | ᠲᠠᠯᠠᠷᠬᠠᠵᠤ ᠪᠠᠶᠢᠭᠠᠷᠠᠢ᠃ | 4᠂ ᠬᠢᠭᠰᠡᠨ ᠠᠯᠳᠠᠭ᠎ᠠ ᠪᠠᠨ ᠬᠦᠯᠢᠶᠡᠨ ᠵᠦᠪᠰᠢᠶᠡᠷᠡᠵᠦ ᠪᠠᠢ᠂ ᠬᠡᠤᠬᠡᠳ ᠠᠴᠠ ᠪᠠᠨ ᠪᠤᠤ ᠨᠢᠭᠤ᠃ | 5᠂ ᠬᠡᠤᠬᠡᠳ ᠤᠳ ᠢᠶᠠᠨ ᠰᠤᠨᠤᠰᠴᠤ ᠪᠠᠢ᠃ ᠲᠡᠳᠡᠨ ᠢ ᠬᠡᠵᠢᠶ᠎ᠡ ᠴᠤ ᠪᠢᠳᠡᠭᠡᠢ ᠦᠯᠦ ᠲᠤᠭᠤᠭᠰᠠᠨ | ᠪᠠᠶᠢᠳᠠᠯ ᠭᠠᠷᠭᠠᠵᠤ ᠪᠠᠶᠢᠭᠠᠷᠠᠢ᠃ | 6᠂ ᠪᠡᠶ᠎ᠡ ᠪᠠᠨ ᠠᠪᠴᠤ ᠶᠠᠪᠤᠬᠤ ᠬᠢᠯᠢ ᠬᠢᠵᠠᠭᠠᠷ ᠢ ᠲᠤᠭᠳᠠᠭᠠᠵᠤ ᠪᠠᠢ᠃ | 7᠂ ᠦᠪᠡᠷ ᠢᠶᠠᠨ ᠦᠯᠢᠭᠡᠷ ᠲᠠᠭᠤᠷᠢᠶᠠᠯ ᠪᠤᠯ᠃ | 8᠂ ᠦᠷᠦᠪᠳᠦᠬᠦ᠂ ᠬᠠᠶᠢᠷᠠᠯᠠᠬᠤ᠂ ᠬᠠᠶᠢᠷ᠎ᠠ ᠪᠠᠨ ᠢᠯᠡᠷᠬᠡᠶᠢᠯᠡᠬᠦ ᠳᠤ ᠨᠢ ᠰᠤᠷᠭ᠎ᠠ᠃ | 9᠂ ᠠᠯᠢᠪᠠ ᠦᠢᠯᠡᠳᠦᠯ ︵ᠰᠠᠶᠢᠨ ᠪᠤᠯᠤᠨ ᠮᠠᠭᠤ︶ ᠠᠷᠤ ᠠᠴᠠ ᠲᠠᠭᠠᠭᠤᠯᠬᠤ ᠦᠷ᠎ᠡ ᠲᠠᠭᠠᠪᠤᠷᠢ ᠲᠠᠢ | ᠭᠡᠳᠡᠭ ᠢ ᠤᠶᠢᠯᠠᠭᠠᠭᠤᠯ᠃ | 10᠂ ᠬᠡᠤᠬᠡᠳ ᠤᠳ ᠲᠠᠢ ᠪᠠᠨ ᠬᠠᠷᠢᠯᠴᠠᠵᠤ ᠪᠠᠶᠢᠭ᠎ᠠ ᠬᠠᠷᠢᠯᠴᠠᠭᠠᠨ ᠠᠴᠠ ᠲᠠᠭᠠᠰᠢᠶᠠᠯ ᠠᠪᠴᠤ ᠪᠠᠢ᠃ | ᠬᠦᠮᠦᠵᠢᠯ — ᠲᠤᠮᠤ ᠬᠠᠷᠢᠭᠤᠴᠠᠯᠭ᠎ᠠ ᠪᠦᠭᠡᠳ ᠦᠨ᠎ᠡ ᠴᠡᠨ᠎ᠡ ᠲᠠᠢ ᠶᠤᠮ ᠰᠢᠦ᠃ ᠡᠳᠡᠭᠡᠷ ᠲᠦᠷᠢᠮ ᠲᠡᠭᠡᠷ᠎ᠡ ᠲᠠ | ᠦᠭᠡᠷ᠎ᠡ ᠶᠠᠭᠤ ᠨᠡᠮᠡᠬᠦ ᠪᠤᠢ︖ |