81. ᠪᠢᠳᠡᠭᠡᠢ ᠲᠠᠬᠢᠵᠣ 0.5 ᠬᠤᠪᠢ ᠶᠢᠨ ᠰᠡᠳᠬᠢᠬᠦᠢ ᠪᠠᠷ 2.0 ᠬᠤᠪᠢ ᠶᠢᠨ ᠲᠡᠯᠡᠬᠡᠢ ᠶᠢᠷᠳᠢᠨᠴᠦ ᠶᠢ | ᠬᠠᠮᠢᠶᠠᠷᠣᠭᠠᠳ ᠪᠠᠢ︕ | 82. ᠭᠠᠭᠴᠠᠭᠠᠷ ᠢᠶᠠᠨ ᠪᠠᠶᠢᠬᠤ ᠳᠤ ᠪᠡᠶ᠎ᠡ ᠳᠤ ᠪᠠᠨ ᠰᠠᠶᠢᠬᠠᠨ ᠬᠠᠨᠳᠣᠵᠣ᠂ ᠪᠣᠰᠣᠳ ᠲᠠᠢ ᠬᠠᠮᠳᠣ ᠪᠠᠶᠢᠪᠠᠯ | ᠪᠣᠰᠣᠳ ᠲᠤ ᠰᠠᠶᠢᠬᠠᠨ ᠬᠠᠨᠳᠣᠭᠠᠷᠠᠢ︕ | 83. ᠪᠣᠰᠣᠳ ᠲᠤ ᠪᠣᠭᠤᠯ ᠪᠣᠯᠬᠤ ᠲᠣᠷ᠎ᠠ ᠦᠭᠡᠢ ᠪᠠᠶᠢᠳᠠᠯ᠎ᠠ ᠠᠷᠠᠳ ᠤᠨ ᠵᠣᠭᠤᠰ ᠲᠤ ᠪᠣᠭᠤᠯ ᠪᠣᠯᠬᠤ | ᠲᠣᠷᠠᠳᠠᠢ ᠨᠢ ᠶᠠᠭᠤᠨ︖ | 84. ᠲᠡᠯᠡᠬᠡᠢ ᠶᠢᠨ ᠪᠦᠮᠪᠦᠷᠴᠡᠭ ᠪᠣᠯ ᠬᠦᠳᠡᠯᠭᠡᠭᠡᠨ ᠬᠢᠵᠦ ᠪᠠᠶᠢᠳᠠᠭ᠃ ᠨᠢᠭᠡ ᠬᠦᠮᠦᠨ ᠬᠡᠵᠢᠶᠡᠳᠡ | ᠣᠷᠣᠭᠤᠳᠡᠯ ᠲᠣᠷᠣᠶᠢᠳᠡᠯ ᠤᠨ ᠪᠠᠶᠢᠷᠢᠨ ᠳᠤ ᠪᠠᠨ ᠣᠷᠣᠰᠢᠬᠤ ᠦᠭᠡᠢ ᠶᠣᠮ᠃ | 85. ᠰᠣᠷᠣᠯᠭ᠎ᠠ ᠶᠢᠨ ᠲᠣᠮᠳᠠ ᠲᠣᠳᠣᠷᠬᠠᠢ ᠡᠭᠦᠷᠭᠡ ᠲᠣᠭᠳᠠᠭᠠᠭᠰᠠᠨ ᠪᠠᠶᠢᠬᠤ ᠬᠡᠷᠡᠭᠳᠡᠢ᠃ ᠦᠨᠡᠨ ᠳᠤ | ᠪᠠᠨ ᠲᠡᠭᠡᠳᠦ ᠰᠢᠯᠭᠠᠯᠳᠠ ᠶᠢᠨ ᠬᠠᠮᠤᠭ ᠴᠢᠬᠤᠯᠠ ᠵᠦᠢᠯ ᠭᠡᠪᠡᠯ ᠦᠪᠡᠷ ᠤᠨ ᠲᠦᠯᠦᠪᠯᠡᠭᠡ ᠪᠠᠨ ᠪᠠᠷᠢᠮᠳᠠᠯᠠᠨ | ᠪᠡᠶᠡᠯᠡᠭᠦᠯᠬᠦ ᠶᠠᠪᠣᠳᠠᠯ ᠪᠣᠯᠣᠨ᠎ᠠ᠃ ᠡᠨᠡ ᠨᠢ ᠶᠠᠭ ᠯᠡ ᠠᠭᠤᠯᠠ ᠮᠠᠴᠣᠬᠤ ᠶᠢᠨ ᠣᠷᠠᠨ ᠠᠷᠭ᠎ᠠ ᠨᠢ ᠲᠠᠰᠣᠷᠠᠯᠳᠠ | ᠦᠭᠡᠢ ᠦᠭᠡᠳᠡ ᠪᠠᠨ ᠨᠢᠭᠡ ᠨᠢᠭᠡ ᠠᠯᠬᠤᠮ ᠢᠶᠠᠷ ᠣᠷᠣᠭᠰᠢᠯᠠᠬᠤ ᠲᠠᠢ ᠠᠳᠠᠯᠢ᠃ ᠡᠨᠡ ᠬᠦ ᠠᠷᠭ᠎ᠠ ᠶᠢ ᠬᠦᠮᠦᠨ | ᠪᠦᠬᠦᠨ ᠮᠡᠳᠡᠳᠡᠭ ᠪᠣᠯᠪᠠᠴᠣ ᠬᠦᠮᠦᠨ ᠪᠦᠬᠦᠨ ᠪᠠᠷᠢᠮᠳᠠᠯᠠᠵᠣ ᠲᠡᠶᠢᠯᠬᠦ ᠦᠭᠡᠢ ᠨᠢ ᠬᠠᠷᠠᠮᠰᠠᠯᠳᠠᠢ᠃ | 86. ᠰᠠᠶᠢᠨ ᠰᠣᠷᠬᠤ ᠶᠢᠨ ᠲᠣᠮᠢᠶ᠎ᠠ᠄ ᠲᠣᠷ᠎ᠠ ᠪᠠᠬ᠎ᠠ + ᠴᠢᠷᠮᠠᠶᠢᠯᠭ᠎ᠠ + ᠰᠢᠨᠵᠢᠯᠡᠬᠦ ᠣᠬᠠᠭᠠᠨᠴᠢ | ᠰᠣᠷᠣᠯᠴᠠᠬᠤ ᠠᠷᠭ᠎ᠠ = ᠠᠮᠵᠢᠯᠳᠠ ︵2004 ᠣᠨ ᠤ ᠪᠦᠬᠦ ᠣᠷᠣᠨ ᠤ ᠪᠠᠶᠢᠭᠠᠯᠢ ᠶᠢᠨ ᠰᠢᠨᠵᠢᠯᠡᠭᠡᠨ ᠤ ᠮᠣᠩᠭᠤᠯ | ᠢᠶᠠᠷ ᠰᠢᠯᠭᠠᠭᠤᠯᠣᠭᠰᠠᠳ ᠤᠨ ᠮᠠᠩᠯᠠᠢ ᠸᠧᠨ ᠹᠧᠩ ᠤᠨ ᠦᠭᠡ ᠠᠴᠠ︶ | 87. ᠰᠠᠶᠢᠨ ᠰᠠᠶᠢᠬᠠᠨ ᠵᠠᠩ ᠴᠢᠨᠠᠷ ᠬᠢᠭᠡᠳ ᠵᠦᠪ ᠰᠣᠩᠭᠤᠯᠳᠠ ᠲᠠᠢ ᠪᠠᠶᠢᠬᠤ ᠬᠡᠷᠡᠭᠳᠡᠢ᠃ ᠡᠶᠢᠮᠦ ᠬᠤᠶᠠᠷ | ᠦᠯᠢᠭᠡᠷ ᠪᠠᠶᠢᠳᠠᠭ᠄ ᠬᠤᠭᠤᠴᠠᠭᠠᠨ ᠲᠣᠮᠳᠠᠬᠢ ᠰᠢᠯᠭᠠᠯᠳᠠ ᠳᠤ A ᠰᠣᠷᠣᠭᠴᠢ ᠲᠡᠳ᠋ᠯᠡᠭᠰᠡᠨ ᠣᠴᠢᠷ ᠢᠶᠠᠨ ᠭᠡᠷ ᠤᠨ | ᠠᠬᠠᠮᠠᠳ ᠲᠤ ᠪᠠᠨ ᠮᠡᠳᠡᠭᠦᠯᠦᠨ ᠬᠤᠭᠤᠴᠠᠭᠠᠨ ᠰᠡᠭᠦᠯ ᠤᠨ ᠰᠢᠯᠭᠠᠯᠳᠠ ᠪᠣᠯᠳᠠᠯ᠎ᠠ ᠰᠣᠷᠣᠯᠭ᠎ᠠ ᠶᠢᠨ ᠲᠡᠷᠢᠭᠦᠨ ᠯᠦᠭᠡ | ᠪᠠᠨ ᠬᠡᠷᠬᠢᠨ ᠦᠷᠢᠰᠦᠯᠳᠦᠬᠦ ᠪᠠᠨ ᠵᠦᠪᠳᠡᠵᠡᠢ᠃ ᠭᠡᠷ ᠤᠨ ᠠᠬᠠᠮᠠᠳ ᠠᠴᠠ ᠨᠢ ᠬᠡᠦᠭᠡᠳ ᠤᠨ ᠢᠶᠠᠨ ᠰᠢᠯᠭᠠᠯᠳᠠ | ᠶᠢᠨ ᠬᠠᠭᠤᠳᠠᠰᠣᠨ ᠦᠨᠴᠦᠭ ᠲᠡᠭᠡᠷ᠎ᠡ ︽—1︾ ᠭᠡᠵᠦ ᠵᠢᠷᠣᠵᠠᠢ᠃ ᠡᠨᠡ ᠬᠦ ᠵᠢᠷᠣᠭᠠᠰᠣ ᠨᠢ ᠠᠷᠭ᠎ᠠ ᠪᠦᠬᠦᠨ ᠢ | ᠰᠦᠪᠡᠭᠴᠢᠯᠡᠨ ᠲᠡᠷᠢᠭᠦᠯᠡᠭᠰᠡᠨ ᠬᠦᠮᠦᠨ ᠤ ᠬᠢᠴᠢᠶᠡᠯ ᠰᠣᠷᠣᠯᠭ᠎ᠠ ᠳᠤ ᠨᠢ ᠬᠠᠷᠰᠢ ᠰᠠᠭᠠᠳ ᠣᠴᠠᠷᠠᠭᠤᠯ ᠭᠡᠰᠡᠨ | ᠲᠠᠯᠳᠠ ᠰᠠᠨᠠᠭ᠎ᠠ ᠲᠠᠢ ᠪᠠᠶᠢᠪᠠ᠃ B ᠰᠣᠷᠣᠭᠴᠢ ᠰᠣᠷᠣᠯᠭ᠎ᠠ ᠶᠢᠨ ᠣᠨ ᠳᠤ ᠪᠠᠨ ᠲᠡᠳ᠋ᠯᠡᠭᠰᠡᠨ ᠢᠶᠠᠨ ᠭᠡᠷ ᠤᠨ | ᠠᠬᠠᠮᠠᠳ ᠲᠤ ᠪᠠᠨ ᠶᠠᠷᠢᠭᠰᠠᠨ ᠳᠤ᠂ ᠲᠡᠷᠡ ᠭᠡᠷ ᠤᠨ ᠠᠬᠠᠮᠠᠳ ᠠᠴᠠ ᠬᠡᠦᠭᠡᠳ ᠤᠨ ᠢᠶᠠᠨ ᠲᠡᠰᠬᠠᠯ ᠤᠨ ᠲᠡᠪᠳᠡᠷ | ᠤᠨ ᠠᠷᠣ ᠳᠤ ᠡᠶ᠎ᠡ ᠵᠣᠬᠢᠴᠠᠯᠳᠠᠢ ᠬᠠᠷᠢᠯᠴᠠᠨ ᠰᠣᠷᠣᠯᠴᠠᠵᠣ ᠮᠦᠷᠦ ᠵᠡᠷᠭᠡᠴᠡᠨ ᠣᠷᠣᠭᠰᠢᠯᠠᠬᠤ ᠶᠢ ᠢᠯᠡᠳᠭᠡᠭᠰᠡᠨ ︽ | =︾ ᠭᠡᠰᠡᠨ ᠬᠤᠶᠠᠷ ᠱᠣᠭᠤᠮ ᠲᠠᠳᠠᠭᠰᠠᠨ ᠭᠡᠨ᠎ᠡ᠃ | 88. ᠰᠣᠷᠣᠯᠭ᠎ᠠ ᠳᠤ ᠨᠢᠭᠡ ᠯᠡ ᠵᠢᠷᠣᠮ ᠤᠨ ᠲᠡᠪᠴᠢᠶᠡᠷᠢ ᠪᠠᠶᠢᠬᠤ ᠬᠡᠷᠡᠭᠳᠡᠢ᠃ ᠬᠠᠯᠠᠭᠤᠨ ᠬᠦᠢᠳᠡᠨ ᠵᠠᠩ | ᠭᠠᠷᠭᠠᠬᠤ ᠪᠣᠯ ᠶᠡᠭᠡ ᠴᠡᠭᠡᠷ᠃ ᠨᠢᠭᠡ ᠦᠶ᠎ᠡ ᠰᠣᠯᠠ ᠵᠠᠳᠠᠭᠠᠶᠢᠷᠠᠭᠠᠳ ᠭᠡᠨᠡᠳᠳᠡ ᠨᠢᠭᠡᠨ ᠦᠶ᠎ᠡ ᠵᠣᠷᠢᠭᠵᠢᠨ | ᠴᠢᠷᠮᠠᠶᠢᠳᠠᠭ ᠪᠣᠯᠪᠠᠴᠣ ᠲᠡᠷᠡ ᠴᠢᠨᠢ ᠦᠨᠡᠨ ᠳᠤ ᠪᠠᠨ ︽ᠬᠤᠨᠢ ᠪᠠᠨ ᠠᠯᠠᠭᠠᠳ ᠬᠠᠰᠢᠶ᠎ᠠ ᠪᠠᠨ ᠪᠠᠬᠢᠯᠡᠵᠦ ᠪᠠᠶᠢᠬᠤ︾ | ᠲᠠᠢ ᠠᠳᠠᠯᠢ ᠬᠦᠴᠦ ᠪᠠᠨ ᠲᠠᠯᠠᠭᠠᠷ ᠪᠠᠷᠠᠵᠣ ᠪᠠᠶᠢᠬᠤ ᠬᠡᠷᠡᠭ᠃ | 89. ᠬᠤᠷᠴᠠ ᠰᠡᠷᠡᠯ ᠪᠣᠯ ᠣᠷᠳᠣ ᠬᠤᠭᠤᠴᠠᠭ᠎ᠠ ᠪᠣᠶᠣ ᠲᠡᠰᠪᠦᠷᠢ ᠬᠦᠯᠢᠴᠡᠯ ᠲᠠᠢ ᠰᠡᠳᠬᠢᠨ | ᠪᠣᠳᠣᠯᠬᠢᠯᠠᠭᠰᠠᠨ ᠤ ᠦᠷ᠎ᠡ ᠳ᠋ᠦᠩ ᠮᠦᠨ᠃ ᠲᠡᠷᠡ ᠨᠢ ᠶᠠᠮᠠᠷ ᠨᠢᠭᠡᠨ ᠲᠣᠬᠢᠶᠠᠯᠳᠣᠯ ᠰᠡᠳᠦᠯᠳᠡ ᠪᠠᠷ ᠵᠢᠪᠠᠷ ᠲᠤ | ᠦᠷᠪᠢᠰᠬᠦ ᠭᠠᠯ ᠤᠨ ᠰᠣᠷ ᠮᠡᠳᠦ ᠲᠦᠷᠡᠯᠵᠡᠭᠰᠡᠨ ᠪᠠᠶᠢᠭ᠎ᠠ ᠶᠣᠮ᠃ ᠬᠤᠷᠴᠠ ᠰᠡᠷᠡᠯ ᠪᠣᠯ ᠪᠡᠯᠡᠳᠭᠡᠯ ᠲᠠᠢ ᠬᠦᠮᠦᠨ | ᠤ ᠲᠣᠰᠬᠠᠢ ᠠᠰᠢᠭ ᠪᠢᠯᠡ᠃ ︵ᠴᠢ ᠨᠠᠰᠣᠨ ᠪᠠᠭᠰᠢ ᠶᠢᠨ ︽ᠰᠣᠷᠬᠤ ᠠᠷᠭ᠎ᠠ ᠶᠢᠨ ᠵᠦᠭᠯᠡᠭᠦᠷ︾ ᠠᠴᠠ ᠡᠰᠢᠯᠡᠭᠰᠡᠨ | ᠪᠠᠶᠢᠨ᠎ᠠ︶ | 90. ᠦᠪᠡᠷ ᠤᠨ ᠪᠡᠶ᠎ᠡ ᠪᠠᠨ ᠠᠵᠠ ᠵᠢᠷᠭᠠᠯᠳᠠᠨ ᠭᠡᠵᠦ ᠦᠯᠦ ᠵᠦᠪᠰᠢᠶᠡᠷᠡᠭᠰᠡᠳ ᠶᠡᠷᠦ ᠠᠵᠠ ᠵᠢᠷᠭᠠᠯᠳᠠᠢ | ᠬᠦᠮᠦᠨ ᠪᠣᠯᠵᠣ ᠴᠢᠳᠠᠬᠤ ᠦᠭᠡᠢ ᠶᠣᠮ᠃ ᠵᠢᠩᠬᠢᠨᠢ ᠠᠵᠠ ᠵᠢᠷᠭᠠᠯ ᠭᠡᠭᠴᠢ᠄ ᠪᠦᠷᠢᠮᠦᠰᠦᠨ ᠪᠣᠳᠠᠳᠠᠢ ᠣᠷᠣᠰᠢᠯ ᠳᠤ | ᠦᠪᠡᠷ ᠤᠨ ᠢᠶᠠᠨ ᠡᠷᠢᠯ ᠬᠦᠰᠡᠯ ᠢ ᠢᠯᠡᠷᠡᠭᠦᠯᠬᠦ ᠶᠠᠪᠣᠳᠠᠯ ᠪᠣᠯᠣᠨ᠎ᠠ᠃ |