ᠮᠤᠩᠭᠤᠯ ᠦᠨᠳᠦᠰᠦᠳᠡᠨ ᠤ ᠠᠷᠠᠳ ᠲᠦᠮᠡᠨ ᠤᠷᠳᠤ ᠤᠳᠠᠭᠠᠨ ᠳᠡᠤᠬᠡᠨ ᠶᠠᠪᠤᠴᠠ ᠳᠠᠭᠠᠨ ᠭᠡᠷᠡᠯ | ᠰᠠᠴᠤᠷᠠᠩᠭᠤᠢ ᠪᠤᠯᠪᠠᠰᠤᠨ ᠢ ᠡᠬᠦᠳᠦᠨ ᠪᠦᠲᠦᠭᠡᠵᠡᠢ᠃ ᠰᠤᠷᠭᠠᠨ ᠬᠦᠮᠦᠵᠢᠯ ᠤᠨ ᠲᠠᠯ᠎ᠠ ᠪᠠᠷ ᠴᠦ ᠡᠷᠳᠡ ᠳᠡᠭᠡᠳᠦᠰ | ᠠᠴᠠ ᠤᠯᠠᠮᠵᠢᠯᠠᠭᠳᠠᠨ ᠢᠷᠡᠭᠰᠡᠨ ᠳᠡᠬᠦᠰ ᠪᠤᠯᠪᠠᠰᠤᠷᠠᠩᠭᠤᠢ ᠠᠰᠤᠷᠤ ᠶᠡᠭᠡ ᠦᠪ ᠤᠯᠠᠮᠵᠢᠯᠠᠯ ᠲᠠᠢ ᠪᠠᠶᠢᠳᠠᠭ᠃ | ᠮᠤᠩᠭᠤᠯᠴᠤᠳ ᠦᠷ᠎ᠡ ᠬᠡᠤᠭᠡᠳ ᠢᠶᠠᠨ ᠰᠤᠷᠭᠠᠨ ᠬᠦᠮᠦᠵᠢᠬᠦᠯᠬᠦ ᠳᠤ ᠬᠠᠷᠠᠯᠲᠠ ᠲᠠᠢ᠂ ᠪᠠᠷᠢᠮᠵᠢᠶ᠎ᠠ ᠲᠠᠢ᠂ ᠠᠷᠭ᠎ᠠ | ᠤᠬᠠᠭᠠᠨ ᠲᠠᠢ ᠪᠦᠭᠡᠳ ᠪᠦᠬᠦ ᠲᠠᠯ᠎ᠠ ᠶᠢᠨ ᠬᠦᠭᠵᠢᠯᠲᠡ ᠶᠢ ᠠᠩᠬᠠᠷᠳᠠᠭ ᠭᠡᠳᠡᠭ ᠢ ᠳᠤᠤᠷᠠᠬᠢ ᠡᠮᠬᠢᠳᠭᠡᠯ ᠠᠴᠠ | ᠳᠤᠳᠤ ᠬᠠᠷᠠᠨ᠎ᠠ᠃ ᠤᠳᠤᠬᠠᠨ ᠳᠤ ᠴᠦ ᠭᠡᠰᠡᠨ ᠪᠢᠳᠠᠨᠠᠷ ᠤᠨ ᠦᠪᠡᠷ ᠢ ᠪᠠᠨ ᠪᠤᠯᠪᠠᠰᠤᠷᠠᠭᠤᠯᠬᠤ ᠪᠤᠶᠤ ᠦᠷ᠎ᠡ | ᠬᠡᠤᠬᠡᠳ ᠢᠶᠠᠨ ᠬᠦᠮᠦᠵᠢᠬᠦᠯᠬᠦ ᠳᠤ ᠦᠨ᠎ᠡ ᠴᠡᠨ᠎ᠡ ᠲᠠᠢ ᠤᠶᠤᠨ ᠲᠠᠯᠠᠰ ᠪᠤᠯᠬᠤ ᠶᠤᠮ᠃ | | ᠮᠤᠩᠭᠤᠯ ᠬᠦᠮᠦᠨ ᠤ ᠵᠢᠷᠭᠤᠭᠠᠨ ᠡᠷᠬᠢᠮᠯᠡᠯ᠄ | 1. ᠦᠨᠡᠨ ᠪᠠᠳᠤ ᠵᠢᠷᠤᠮ ᠢ ᠦᠷᠬᠦᠯᠵᠢ ᠬᠢᠴᠢᠶᠡᠬᠦ | 2. ᠡᠪᠦᠭᠡ ᠳᠡᠭᠡᠳᠦᠰ ᠤᠨ ᠰᠤᠷᠭᠠᠯ ᠢ ᠰᠠᠨᠠᠵᠤ ᠰᠡᠷᠡᠬᠦ | 3. ᠦᠢᠯᠡ ᠶᠢᠨ ᠳᠡᠭᠡᠳᠤ ᠠᠴᠢ ᠶᠢ ᠪᠤᠴᠠᠭᠠᠵᠤ ᠬᠠᠷᠢᠭᠤᠯᠬᠤ | 4. ᠦᠭᠬᠦ ᠬᠡᠭᠡᠬᠦ ᠶᠢᠨ ᠬᠤᠯᠪᠤᠭ᠎ᠠ ᠶᠢ ᠤᠴᠢᠷᠯᠠᠨ ᠲᠠᠨᠢᠭᠤᠯᠵᠤ ᠶᠠᠪᠤᠬᠤ | 5. ᠦᠷᠬᠦᠯᠵᠢ ᠮᠡᠷᠭᠡᠨ ᠨᠤᠮ ᠢ ᠳᠤᠭᠲᠠᠭᠠᠨ ᠳᠤᠩᠭᠠᠬᠤ | 6. ᠦᠭᠡᠶᠢᠬᠦᠤ ᠳᠤᠤᠷᠠᠳᠤ ᠠᠷᠠᠳ ᠢ ᠡᠷᠬᠦᠨ ᠲᠡᠩᠬᠡᠷᠡᠬᠦᠯᠵᠤ ᠶᠠᠪᠤᠬᠤ | | ᠮᠤᠩᠭᠤᠯ ᠬᠦᠮᠦᠨ ᠤ ᠶᠢᠰᠦᠨ ᠪᠠᠷᠢᠮᠲᠠᠯᠠᠯ᠄ | 1. ᠪᠠᠭ᠎ᠠ ᠨᠠᠰᠤᠨ ᠠᠴᠠ ᠪᠠᠨ ᠡᠴᠢᠭᠡ ᠡᠭᠡ ᠪᠠᠨ ᠪᠠᠶᠠᠷᠯᠠᠭᠤᠯᠵᠤ ᠡᠯᠪᠡᠷᠢᠯ ᠢ ᠪᠠᠷᠢᠮᠳᠠᠯᠠᠬᠤ | 2. ᠪᠡᠷᠳᠠᠮ ᠤᠮᠤᠭ ᠢᠶᠠᠨ ᠳᠠᠪᠴᠢᠵᠤ ᠵᠦᠪ ᠰᠢᠳᠤᠷᠭᠤ ᠶᠠᠪᠤᠬᠤ ᠶᠢ ᠪᠠᠷᠢᠮᠳᠠᠯᠠ | 3. ᠪᠠᠭᠠᠳᠤᠷ ︵ᠪᠠᠯᠠᠮᠠᠳ︶ ᠪᠤᠯᠤᠶ᠎ᠠ ᠭᠡᠪᠡᠯ ᠬᠡᠳᠦᠷᠬᠡᠢ ᠬᠦᠰᠠᠵᠤ ᠶᠠᠭᠠᠬᠢᠨ᠎ᠠ | 4. ᠶᠤᠰᠤ ᠪᠠᠷ ᠨᠤᠮᠤᠬᠠᠨ ᠢ ᠪᠠᠷᠢᠮᠳᠠᠯᠠ | 5. ᠪᠠᠳᠤ ᠲᠦᠷᠦ ᠶᠢᠨ ᠠᠯᠪᠠᠨ ᠳᠤ ᠵᠢᠳᠬᠦᠵᠤ ᠴᠠᠭᠠᠵᠠ ᠬᠠᠤᠯᠢ ᠶᠢ ᠪᠠᠷᠢᠮᠳᠠᠯᠠ | 6. ᠪᠠᠭᠰᠢ ᠪᠠ ᠠᠬᠠᠰ ᠤᠨ ᠰᠤᠷᠭᠠᠯ ᠳᠤ ᠰᠢᠳᠤᠵᠤ ᠡᠷᠳᠡᠮᠲᠠᠢ ᠪᠤᠯᠬᠤ ᠶᠢ ᠪᠠᠷᠢᠮᠲᠠᠯᠠ | 7. ᠪᠠᠭᠠᠬᠠᠨ ᠠᠰᠢᠭ ᠢ ᠪᠤᠳᠤᠵᠤ ᠬᠡᠨᠡᠳᠡᠬᠦᠵᠡᠢ ᠰᠡᠷᠡᠮᠵᠢ ᠶᠢ ᠪᠠᠷᠢᠮᠲᠠᠯᠠ | 8. ᠪᠠᠰᠤᠮᠵᠢᠯᠠᠨ ᠳᠠᠷᠤᠯᠠᠬᠤ ᠪᠠᠯᠠᠮᠠᠳ ᠤᠨ ᠠᠭᠠᠰᠢ ᠶᠢ ᠦᠯᠦ ᠳᠠᠭᠤᠷᠢᠶᠠᠨ ᠪᠤᠯᠭᠤᠮᠵᠢᠯᠠᠬᠤ ᠶᠢ ᠪᠠᠷᠢᠮᠲᠠᠯᠠ | | 9. ᠪᠠᠶᠢᠨ ᠪᠠᠶᠢᠨ ᠬᠡᠯᠡᠭᠰᠡᠨ ᠦᠭᠡ ᠡᠬᠦᠨ ᠢ ᠦᠨᠡᠨ ᠰᠤᠷᠭᠠᠯ ᠭᠡᠵᠤ ᠰᠠᠨᠠᠵᠤ ᠪᠠᠷᠢᠮᠲᠠᠯᠠ | | ᠡᠴᠢᠭᠡ ᠬᠦᠮᠦᠨ ᠤ ᠲᠠᠪᠤᠨ ᠡᠷᠳᠡᠮ᠄ | 1. ᠠᠭᠤᠵᠢᠮ ᠤᠬᠠᠭᠠᠨ | 2. ᠬᠠᠳᠠᠨ ᠵᠤᠷᠢᠭ | 3. ᠪᠠᠳᠤ ᠵᠢᠷᠤᠮ | 4. ᠡᠷᠦᠭᠡ ᠭᠡᠷ ᠤᠨ ᠳᠦᠰᠢᠭ | 5. ᠦᠷ᠎ᠡ ᠬᠡᠤᠬᠡᠳ ᠤᠨ ᠰᠦᠷ ᠰᠦᠯᠳᠡ | | ᠡᠴᠢᠭᠡ ᠬᠦᠮᠦᠨ ᠤ ᠨᠠᠢᠮᠠᠨ ᠬᠤᠷᠢᠭ᠎ᠠ᠄ | 1. ᠪᠤᠷᠤ ᠳᠠᠷᠠᠰᠤᠨ ᠳᠤ ᠦᠯᠦ ᠰᠢᠨᠤᠬᠤ | 2. ᠪᠤᠯᠴᠢᠮ ᠦᠭᠡᠢ ᠦᠭᠡᠨ ᠳᠤ ᠦᠯᠦ ᠠᠪᠲᠠᠬᠤ | 3. ᠪᠤᠯᠬᠤ ᠦᠭᠡᠢ ᠭᠡᠷᠡᠭ ᠢ ᠦᠯᠦ ᠰᠡᠳᠦᠬᠦ | 4. ᠪᠤᠭᠳᠠ ᠴᠢᠩᠬᠢᠰ ᠤᠨ ᠰᠤᠷᠭᠠᠯ ᠢ ᠦᠯᠦ ᠳᠡᠷᠰᠯᠡᠬᠦ | 5. ᠦᠷ᠎ᠡ ᠬᠡᠤᠭᠡᠳ ᠢᠶᠠᠨ ᠦᠯᠦ ᠬᠠᠷᠢᠶᠠᠬᠤ | 6. ᠦᠨᠡᠨᠴᠢ ᠬᠠᠨᠢ ᠶᠢ ᠦᠯᠦ ᠭᠤᠮᠤᠳᠠᠭᠠᠬᠤ | 7. ᠦᠢᠯᠡ ᠶᠢᠨ ᠬᠡᠴᠡᠬᠦᠤ ᠠᠴᠠ ᠦᠯᠦ ᠰᠢᠨᠳᠠᠷᠠᠬᠤ | 8. ᠦᠢᠲᠠᠩ ᠬᠤᠸᠠᠷ ᠤᠨ ᠦᠩᠬᠡᠨ ᠳᠤ ᠦᠯᠦ ᠠᠪᠲᠠᠬᠤ | | ᠡᠷ᠎ᠡ ᠬᠦᠮᠦᠨ ᠤ ᠠᠷᠪᠠᠨ ᠡᠷᠳᠡᠮ᠄ | 1. ᠨᠤᠮ ᠳᠤ ᠮᠡᠷᠭᠡᠨ | 2. ᠨᠤᠶᠢᠷ ᠲᠤ ᠰᠡᠷᠭᠦᠯᠡᠩ | 3. ᠦᠢᠯᠡ ᠳᠤ ᠤᠷᠠᠨ | 4. ᠦᠭᠡᠨ ᠳᠤ ᠰᠡᠴᠡᠨ | 5. ᠬᠠᠤᠯᠢ ᠳᠤ ᠰᠢᠳᠤᠷᠭᠤ | 6. ᠬᠤᠷᠢᠮ ᠳᠤ ᠴᠤᠪᠤᠭᠤ | 7. ᠲᠡᠶᠢᠨ ᠳᠤ ᠪᠠᠭᠠᠳᠤᠷ | 8. ᠲᠠᠯᠠᠢ ᠳᠤ ᠤᠰᠤᠴᠢ | 9. ᠳᠡᠭᠡᠳᠤ ᠳᠤ ᠵᠢᠰᠤᠷ ᠦᠭᠡᠢ | 10. ᠳᠤᠤᠷᠠᠳᠤ ᠳᠤ ᠨᠠᠶᠢᠷᠲᠡᠢ | | ᠡᠬᠡ ᠬᠦᠮᠦᠨ ᠤ ᠶᠢᠰᠦᠨ ᠡᠷᠳᠡᠮ᠄ | 1. ᠦᠩᠬᠡᠨ ᠳᠤ ᠴᠡᠪᠡᠷ | 2. ᠦᠢᠯᠡ ᠳᠤ ᠤᠷᠠᠨ | 3. ᠦᠷ᠎ᠡ ᠳᠤ ᠡᠨᠡᠷᠢᠯᠲᠠᠢ | 4. ᠦᠷᠬᠦᠯᠵᠢ ᠴᠡᠮᠴᠡᠭᠡᠷ | 5. ᠬᠠᠨᠢ ᠳᠠᠭᠠᠨ ᠳᠦᠰᠢᠭᠲᠡᠢ | 6. ᠬᠠᠳᠠᠮ ᠳᠠᠭᠠᠨ ᠡᠭᠡᠯᠢᠲᠠᠢ | 7. ᠨᠠᠶᠢᠷ ᠲᠤ ᠳᠠᠭᠤᠤ ᠲᠠᠢ | 8. ᠨᠠᠰᠤᠲᠠᠨ ᠳᠤ ᠢᠷᠤᠭᠡᠯᠲᠡᠢ | 9. ᠨᠡᠷᠡᠳᠤ ᠳᠤ ᠪᠤᠶᠠᠨᠲᠠᠢ | | ᠰᠠᠶᠢᠨ ᠭᠦᠪᠡᠬᠦᠨ ᠤ ᠶᠤᠰᠤ᠄ ᠡᠴᠢᠭᠡ ᠶᠢᠨ ᠰᠤᠷᠭᠠᠯ ᠢᠶᠠᠷ ᠶᠠᠪᠤᠭᠴᠢ᠂ ᠡᠷᠳᠡᠮ ᠪᠢᠯᠢᠭ ᠲᠤ ᠰᠤᠷᠬᠤ ᠳᠤ | ᠳᠤᠷᠠᠲᠠᠢ᠂ ᠡᠩᠬᠦᠷᠡᠬᠦ ᠤᠬᠠᠭᠠᠨᠲᠠᠢ ᠭᠦᠪᠡᠭᠦᠨ ᠯᠦᠭᠡ ᠨᠢᠭᠡ︔ ᠠᠬ᠎ᠠ ᠳᠡᠭᠦᠤ ᠭᠡᠨ ᠳᠤ ᠴᠦ ᠠᠶᠠᠲᠠᠢ᠂ ᠠᠯᠢᠨ ᠳᠤ | ᠵᠠᠷᠤᠪᠠᠯ ᠢᠯᠭᠤᠮ ᠰᠠᠶᠢᠨ᠂ ᠵᠠᠩ ᠠᠭᠠᠯᠢ ᠨᠢ ᠳᠦᠯᠭᠡᠭᠡᠨ ᠨᠤᠮᠤᠬᠠᠨ᠂ ᠠᠭᠤᠷ ᠦᠭᠡᠢ ᠰᠢᠳᠤᠷᠭᠤ ᠬᠦᠪᠡᠬᠦᠨ ᠯᠦᠭᠡ | ᠬᠤᠶᠠᠷ︔ ᠠᠯᠢᠶ᠎ᠠ ᠨᠠᠭᠠᠳᠤᠩᠬᠠᠢ ᠪᠠᠷ ᠦᠯᠦ ᠶᠠᠪᠤᠭᠴᠢ᠂ ᠠᠷᠭ᠎ᠠ ᠤᠬᠠᠭᠠᠨ ᠳᠤ ᠰᠡᠴᠡᠨ ᠰᠠᠶᠢᠨ᠂ ᠠᠵᠤ ᠲᠦᠷᠦᠬᠦ | ᠳᠤ ᠮᠠᠰᠢ ᠵᠢᠳᠬᠦᠯᠲᠠᠢ᠂ ᠠᠰᠢᠲᠠ ᠪᠦᠲᠦᠬᠦᠮᠵᠢᠲᠠᠢ ᠬᠦᠪᠡᠬᠦᠨ ᠯᠦᠭᠡ ᠭᠤᠷᠪᠠ᠃ | ᠰᠠᠶᠢᠨ ᠦᠬᠢᠨ ᠤ ᠶᠤᠰᠤ᠄ ᠰᠠᠶᠢᠨ ᠰᠠᠶᠢᠬᠠᠨ ᠭᠤᠸ᠎ᠠ ᠵᠢᠰᠤᠲᠠᠢ᠂ ᠰᠠᠨᠠᠭ᠎ᠠ ᠰᠡᠳᠬᠢᠯ ᠨᠢ ᠨᠤᠮᠤᠬᠠᠨ | ᠳᠦᠯᠭᠡᠨ᠂ ᠰᠠᠷᠠᠭᠤᠯ ᠤᠬᠠᠭᠠᠨᠲᠠᠢ ᠦᠬᠢᠨ ᠯᠦᠭᠡ ᠨᠢᠭᠡ︔ ᠡᠭᠡ ᠶᠢᠨ ᠰᠤᠷᠭᠠᠯ ᠢᠶᠠᠷ ᠶᠠᠪᠤᠭᠴᠢ᠂ ᠡᠭᠡᠴᠢ ᠳᠡᠭᠦᠤ | ᠲᠠᠢ ᠡᠶᠡᠲᠠᠢ᠂ ᠡᠰᠭᠡᠵᠤ ᠤᠶᠤᠬᠤ ᠳᠤ ᠤᠷᠠᠨ ᠡᠷᠬᠢᠮ ᠰᠠᠶᠢᠨ ᠦᠬᠢᠨ ᠯᠦᠭᠡ ᠬᠤᠶᠠᠷ︔ ᠠᠯᠢᠶ᠎ᠠ ᠨᠠᠭᠠᠳᠤᠩᠬᠠᠢ ᠳᠤ | ᠳᠤᠷ᠎ᠠ ᠦᠭᠡᠢ᠂ ᠠᠬᠤ ᠪᠡᠶ᠎ᠡ ᠪᠠᠨ ᠬᠢᠴᠢᠶᠡᠨ ᠬᠠᠳᠠᠭᠠᠯᠠᠭᠠᠳ᠂ ᠠᠬᠠᠰ ᠶᠡᠬᠡᠰ ᠢ ᠵᠡᠷᠭᠡ ᠪᠠᠷ ᠬᠦᠨᠳᠦᠯᠡᠭᠴᠢ ᠠᠭᠤᠷ | ᠬᠢᠯᠢᠩ ᠦᠭᠡᠢ᠂ ᠠᠭᠠᠯᠢ ᠰᠠᠶᠢᠲᠠᠢ ᠦᠬᠢᠨ ᠯᠦᠭᠡ ᠭᠤᠷᠪᠠ᠃ | ᠮᠠᠭᠤ ᠭᠦᠪᠡᠬᠦᠨ ᠤ ᠳᠦᠷᠢ᠄ ᠡᠴᠢᠭᠡ ᠶᠢᠨ ᠰᠤᠷᠭᠠᠯ ᠢ ᠦᠯᠦ ᠰᠤᠨᠤᠰᠤᠭᠴᠢ ᠡᠭᠡᠨᠡᠭᠳᠡ ᠲᠡᠨᠡᠭ ᠪᠦᠭᠡᠳ | ᠬᠡᠳᠡᠷ᠂ ᠡᠳ᠋ ᠮᠠᠯ ᠢᠶᠠᠨ ᠨᠢᠭᠤᠵᠤ ᠬᠤᠳᠠᠯᠳᠤᠭᠴᠢ ᠡᠭᠡᠯ ᠮᠠᠭᠤ ᠬᠦᠪᠡᠬᠦᠨ ᠯᠦᠭᠡ ᠨᠢᠭᠡ︔ ᠠᠯᠢᠶ᠎ᠠ ᠪᠤᠯᠤᠭᠠᠳ | ᠡᠷᠭᠡ ᠳᠠᠩᠬᠢ᠂ ᠠᠬ᠎ᠠ ᠶᠡᠭᠡᠰ ᠢ ᠬᠠᠷᠢᠶᠠᠭᠴᠢ᠂ ᠠᠯᠢᠨ ᠳᠤ ᠴᠦ ᠵᠠᠷᠤᠪᠠᠯ ᠦᠰᠦᠳ ᠦᠯᠦ ᠬᠦᠳᠡᠯᠦᠭᠴᠢ ᠠᠳᠠᠭ | ᠮᠠᠭᠤ ᠬᠦᠪᠡᠬᠦᠨ ᠯᠦᠭᠡ ᠬᠤᠶᠠᠷ︔ ᠠᠶᠠᠭᠠᠨ ᠳᠠᠬᠢ ᠢᠳᠡᠭᠡᠨ ᠢᠶᠠᠨ ᠴᠢᠮᠠᠯᠠᠨ ᠠᠶᠢᠯ ᠤᠨ ᠢᠳᠡᠬᠡᠨ ᠳᠤ ᠬᠦᠶᠤᠭ᠍ᠴᠢ᠂ | ᠠᠯᠢᠪᠠ ᠬᠤᠪ ᠦᠭᠡ ᠶᠢ ᠵᠦᠭᠡᠭᠡᠭᠴᠢ ᠠᠰᠤᠷᠤ ᠮᠠᠭᠤ ᠬᠦᠪᠡᠬᠦᠨ ᠯᠦᠭᠡ ᠭᠤᠷᠪᠠ᠃ | ᠮᠠᠭᠤ ᠦᠬᠢᠨ ᠤ ᠳᠦᠷᠢ᠄ ᠠᠪᠤᠷᠢ ᠳᠦᠷᠢ ᠨᠢ ᠴᠢᠳᠬᠦᠷ ᠮᠡᠳᠤ᠂ ᠠᠭᠠᠰᠢ ᠵᠠᠩ ᠨᠢ ᠰᠠᠷᠮᠠᠭᠴᠢᠨ ᠠᠳᠠᠯᠢ᠂ | ᠠᠰᠤᠷᠤ ᠶᠡᠭᠡ ᠠᠭᠤᠷ ᠲᠠᠢ ᠠᠭᠠᠰᠢ ᠮᠠᠭᠤᠲᠠᠢ ᠦᠬᠢᠨ ᠯᠦᠭᠡ ᠨᠢᠭᠡ︔ ᠠᠴᠢᠳᠤ ᠡᠴᠢᠭᠡ ᠡᠭᠡ ᠪᠠᠨ ᠰᠤᠷᠭᠠᠪᠠᠯ | ᠠᠭᠤᠷᠯᠠᠨ᠂ ᠠᠬ᠎ᠠ ᠳᠡᠭᠦᠤ ᠲᠠᠢ ᠪᠠᠨ ᠭᠡᠷᠡᠯᠳᠤᠨ ᠬᠠᠷᠢᠶᠠᠭᠴᠢ᠂ ᠠᠯᠢᠶ᠎ᠠ ᠨᠠᠭᠠᠳᠤᠩᠬᠠᠢ ᠳᠤ ᠮᠠᠰᠢ ᠪᠠᠶᠠᠰᠤᠨ ᠠᠶᠢᠯ | ᠭᠡᠰᠦᠭᠴᠢ ᠦᠬᠢᠨ ᠯᠦᠭᠡ ᠬᠤᠶᠠᠷ︔ ᠦᠢᠯᠡ ᠬᠢᠬᠦ ᠳᠤ ᠳᠤᠷ᠎ᠠ ᠦᠭᠡᠢ᠂ ᠦᠭᠡ ᠬᠤᠪ ᠬᠡᠯᠡᠬᠦ ᠳᠤ ᠳᠤᠷᠠᠲᠠᠢ᠂ | ᠦᠷᠬᠦᠯᠵᠢ ᠭᠡᠷ ᠲᠤ ᠭᠠᠳᠠᠨ᠎ᠠ ᠳᠠᠭᠤᠯᠠᠭᠴᠢ ᠦᠯᠦ ᠪᠦᠲᠦᠬᠦ ᠮᠠᠭᠤ ᠦᠬᠢᠨ ᠯᠦᠭᠡ ᠭᠤᠷᠪᠠ︔ ᠠᠶᠤᠬᠤ ᠢᠴᠢᠬᠦ ᠶᠢ | ᠦᠯᠦ ᠮᠡᠳᠡᠨ᠂ ᠠᠵᠢᠭ ᠦᠭᠡᠢ ᠱᠠᠯᠢᠭ ᠦᠭᠡ ᠬᠡᠯᠡᠯᠴᠡᠨ ᠠᠯᠢᠪᠠ ᠰᠠᠮᠠᠭᠤᠨ ᠰᠠᠳᠤᠷ ᠶᠠᠪᠤᠳᠠᠯ ᠲᠠᠢ ᠠᠪᠤᠰᠢ ᠦᠭᠡᠢ | ᠮᠠᠭᠤ ᠦᠬᠢᠨ ᠯᠦᠭᠡ ᠳᠦᠷᠪᠡ᠃ ︵ᠦᠷᠭᠦᠯᠵᠢᠯᠡᠯ ᠪᠤᠢ︶ |