ᠮᠤᠩᠭᠤᠯ ᠳᠦᠮᠡᠨ ᠡᠷᠳᠡ ᠦᠶ᠎ᠡ ᠠᠴᠠ ᠮᠠᠰᠢ ᠶᠡᠭᠡ ᠪᠠᠶᠠᠯᠢᠭ ᠦᠨᠡᠳᠤ ᠦᠪ ᠤᠯᠠᠮᠵᠢᠯᠠᠯ ᠢ ᠦᠯᠡᠳᠡᠭᠡᠭᠰᠡᠨ | ᠤ ᠨᠢᠭᠡ ᠨᠢ ᠶᠤᠰᠤ ᠰᠤᠷᠳᠠᠬᠤᠨ ᠤ ᠬᠦᠮᠦᠵᠢᠯ ᠶᠤᠮ᠃ ︽ᠨᠤᠮ ᠢ ᠰᠤᠷᠬᠤ ᠶᠢᠨ ᠡᠮᠦᠨ᠎ᠡ ᠨᠤᠮᠤᠬᠠᠨ ᠢ ᠨᠢ ᠰᠤᠷ︾ | ᠭᠡᠳᠡᠭ ᠰᠤᠷᠭᠠᠯ ᠨᠢ ᠡᠷᠳᠡᠮ ᠰᠤᠷᠬᠤ ᠶᠢᠨ ᠴᠢᠬᠤᠯᠠ ᠶᠢ ᠦᠭᠡᠶᠢᠰᠭᠡᠭᠰᠡᠨ ᠪᠢᠰᠢ᠂ ᠬᠠᠷᠢᠨ ᠬᠦᠮᠦᠨ ᠤ ᠶᠤᠰᠤ | ᠰᠤᠷᠲᠠᠬᠤᠨ ᠤ ᠬᠦᠮᠦᠵᠢᠯ ᠢ ᠤᠨᠴᠠᠯᠠᠨ ᠠᠩᠬᠠᠷᠤᠭᠰᠠᠨ ᠤ ᠤᠴᠢᠷ ᠪᠤᠯᠤᠨ᠎ᠠ᠃ ᠮᠦᠨ ᠪᠠᠰᠠ ︽ᠦᠰᠬᠦ ᠳᠤ | ᠰᠤᠷᠤᠭᠰᠠᠨ ᠵᠠᠩ ᠦᠳᠡᠯᠬᠦ ᠳᠤ ᠳᠠᠭᠠᠳᠠᠭ︾ ᠭᠡᠵᠤ ᠦᠷ᠎ᠡ ᠬᠡᠤᠬᠡᠳ ᠢᠶᠠᠨ ᠨᠢᠯᠬ᠎ᠠ ᠪᠠᠭ᠎ᠠ ᠠᠴᠠ ᠨᠢ ᠰᠤᠷᠭᠠᠨ | ᠬᠦᠮᠦᠵᠢᠬᠦᠯᠬᠦ ᠶᠢ ᠬᠢᠴᠢᠶᠡᠨ᠂ ︽ᠵᠤᠳ ᠨᠢᠭᠡ ᠵᠢᠯ ᠤᠨ ᠬᠢ᠂ ᠵᠢᠷᠤᠮ ᠮᠢᠩᠭᠠᠨ ᠵᠢᠯ ᠤᠨ ᠬᠢ︾ ᠭᠡᠵᠤ ᠶᠤᠰᠤ | ᠮᠤᠷᠠᠯ ᠤᠨ ᠴᠢᠬᠤᠯᠠ ᠴᠢᠨᠠᠷ ᠢ ᠴᠢᠩᠭᠠᠳᠬᠠᠭᠰᠠᠨ ᠪᠠᠶᠢᠳᠠᠭ᠃ ᠠᠪᠤ ᠡᠵᠢ ᠨᠢ ᠦᠪᠡᠷ ᠤᠨ ᠪᠡᠶ᠎ᠡ ᠪᠠᠷ ᠢᠶᠠᠨ | ᠳᠠᠭᠤᠷᠢᠶᠠᠯ ᠪᠤᠯᠵᠤ ᠳᠠᠭᠠᠭᠤᠯᠤᠨ ᠰᠤᠷᠭᠠᠬᠤ᠂ ᠠᠮᠠᠨ ᠵᠤᠬᠢᠶᠡᠯ ᠦᠯᠢᠭᠡᠷ ᠳᠠᠭᠤᠤ ᠪᠠᠷ ᠤᠬᠠᠭᠠᠷᠠᠭᠤᠯᠤᠨ ᠰᠤᠷᠭᠠᠬᠤ | ᠂ ᠰᠤᠷᠭᠠᠯ ᠦᠭᠡ ᠰᠡᠴᠡᠨ ᠦᠭᠡ ᠪᠠᠷ ᠰᠡᠩᠭᠡᠷᠡᠬᠦᠯᠦᠨ ᠰᠤᠷᠭᠠᠬᠤ᠂ ᠬᠤᠷᠢᠭ᠎ᠠ ᠴᠡᠭᠡᠷ ᠶᠤᠰᠤᠨ ᠢᠶᠠᠷ ᠬᠤᠷᠢᠭᠯᠠᠨ | ᠰᠤᠷᠭᠠᠬᠤ ᠭᠡᠬᠦ ᠮᠡᠳᠤ ᠶᠢᠨ ᠠᠷᠭ᠎ᠠ ᠠᠪᠴᠠᠯ ᠢᠶᠠᠷ ᠶᠡᠷᠤᠳᠡ ᠶᠢᠨ ᠠᠳᠠᠯ ᠠᠮᠢᠳᠤᠷᠠᠯ ᠲᠠᠢ ᠪᠠᠨ ᠨᠢᠭᠲᠠ | ᠤᠶᠠᠯᠳᠤᠭᠤᠯᠤᠨ᠂ ᠬᠡᠤᠭᠡᠳ ᠤᠨ ᠨᠠᠰᠤᠨ ᠤ ᠤᠨᠴᠠᠯᠢᠭ ᠲᠠᠢ ᠵᠤᠬᠢᠴᠠᠭᠤᠯᠤᠨ ᠤᠷᠠᠨ ᠰᠠᠶᠢᠬᠠᠨ ᠢᠶᠠᠷ ᠰᠤᠷᠭᠠᠨ | ᠬᠦᠮᠦᠵᠢᠬᠦᠯᠳᠡᠭ ᠤᠶᠤᠨ ᠲᠠᠯᠠᠰ ᠲᠠᠢ ᠶᠤᠮ᠃ ᠡᠳᠡᠬᠡᠷ ᠨᠢ ᠬᠡᠤᠭᠡᠳ ᠪᠠᠭᠠᠴᠤᠳ ᠤᠨ ᠬᠦᠮᠦᠵᠢᠯ᠂ ᠶᠡᠬᠡᠰ ᠲᠤᠮᠤᠰ | ᠤᠨ ᠤᠬᠠᠭᠠᠷᠠᠯ ᠳᠤ ᠴᠦᠮ ᠴᠠᠭᠯᠠᠰᠢ ᠦᠭᠡᠢ ᠦᠨ᠎ᠡ ᠦᠷᠲᠡᠭ ᠲᠠᠢ ᠪᠠᠶᠢᠨ᠎ᠠ᠃ | ᠬᠦᠮᠦᠨ ᠶᠤᠰᠤ ᠲᠠᠢ ᠪᠤᠯ ᠳᠡᠭᠡᠷ᠎ᠡ | ᠨᠤᠬᠠᠢ ᠰᠡᠬᠦᠯ ᠲᠠᠢ ᠪᠤᠯ ᠳᠡᠭᠡᠷ᠎ᠡ | | ᠶᠠᠰᠤ ᠶᠢ ᠮᠢᠬ᠎ᠠ ᠳᠠᠭᠠᠳᠠᠭ | ᠶᠤᠰᠤ ᠶᠢ ᠬᠦᠮᠦᠨ ᠳᠠᠭᠠᠳᠠᠭ | | ᠰᠤᠷᠭᠠᠯ ᠦᠭᠡᠢ ᠦᠰᠦᠭᠰᠡᠨ ᠬᠡᠤᠭᠡᠳ ᠨᠢᠭᠡ ᠭᠠᠵᠠᠭᠤ | ᠰᠤᠷᠤᠭᠰᠠᠨ ᠡᠷᠳᠡᠮ ᠦᠭᠡᠢ ᠬᠦᠮᠦᠨ ᠨᠢᠭᠡ ᠭᠠᠵᠠᠭᠤ | ᠰᠤᠯᠵᠢᠭᠤ ᠤᠷᠭᠤᠭᠰᠠᠨ ᠡᠪᠡᠷ ᠨᠢᠭᠡ ᠭᠠᠵᠠᠭᠤ —— ᠮᠤᠩᠭᠤᠯᠴᠤᠳ ᠶᠤᠰᠤ ᠮᠤᠷᠠᠯ ᠢ | ᠳᠦᠢᠯ ᠢᠶᠠᠷ ᠳᠡᠭᠡᠳᠦᠯᠡᠵᠤ᠂ ᠶᠤᠰᠤ ᠮᠤᠷᠠᠯ ᠢ ᠬᠦᠮᠦᠨ ᠤ ᠪᠡᠶ᠎ᠡ ᠶᠢᠨ ᠡᠷᠭᠡᠳᠡᠨ ᠰᠢᠭ ᠰᠠᠯᠵᠤ ᠪᠤᠯᠤᠰᠢ ᠦᠭᠡᠢ ᠨᠢᠭᠡ | ᠬᠡᠰᠡᠭ ᠭᠡᠵᠤ ᠡᠷᠬᠢᠮᠯᠡᠨ᠂ ᠬᠦᠮᠦᠨ ᠪᠠ ᠶᠤᠰᠤ ᠮᠤᠷᠠᠯ ᠤᠨ ᠬᠠᠷᠢᠴᠠᠭ᠎ᠠ ᠶᠢ ᠶᠠᠰᠤ ᠮᠢᠬ᠎ᠠ ᠶᠢᠨ ᠬᠠᠷᠢᠴᠠᠭ᠎ᠠ ᠭᠡᠵᠤ | ᠦᠵᠡᠳᠡᠭ᠃ ᠮᠦᠨ ᠵᠦᠪ ᠪᠤᠷᠤᠭᠤ ᠬᠤᠶᠡᠷ ᠲᠠᠯ᠎ᠠ ᠠᠴᠠ ᠤᠬᠠᠭᠠᠷᠠᠭᠤᠯᠤᠨ ᠰᠤᠷᠭᠠᠵᠤ᠂ ᠪᠤᠰᠤᠳ ᠢ | ᠵᠢᠯᠡᠮᠡᠨᠰᠢᠬᠦᠮᠵᠢᠯᠡᠬᠦ ᠳᠡᠭᠡᠨ ︽ᠰᠤᠷᠳᠠᠯ ᠰᠤᠷᠭᠠᠯ ᠦᠭᠡᠢ︾ ᠭᠡᠵᠤ ᠶᠠᠷᠢᠳᠠᠭ᠃ | ᠳᠡᠪᠡᠯ ᠤᠨ ᠵᠠᠭᠠᠮ᠎ᠠ ᠨᠢ ᠬᠠᠰᠢ ᠪᠠᠨ ᠪᠤᠯ | ᠳᠦᠷᠪᠡᠨ ᠬᠤᠷᠮᠤᠢ ᠨᠢ ᠳᠡᠰᠢ ᠪᠠᠨ | | ᠦᠬᠦᠯᠡᠵᠤ ᠰᠤᠷᠭᠠᠬᠤ ᠪᠠᠷ ᠦᠯᠢᠬᠡᠷᠯᠡᠵᠤ ᠰᠤᠷᠭ᠎ᠠ —— ᠭᠡᠷ ᠤᠨ ᠰᠤᠷᠭᠠᠯ ᠤᠨ | ᠨᠢᠭᠤᠴᠠ ᠬᠦᠴᠦᠨ ᠪᠤᠯ ᠳᠠᠭᠤᠷᠢᠶᠠᠯ ᠤᠨ ᠬᠦᠴᠦᠨ ᠮᠦᠨ᠃ ᠡᠬᠦᠨ ᠢ ᠮᠤᠩᠭᠤᠯᠴᠤᠳ ᠠᠯᠢ ᠡᠷᠲᠡ ᠠᠴᠠ | ᠤᠬᠠᠭᠠᠷᠠᠨ ᠮᠡᠳᠡᠭᠰᠡᠨ ᠪᠦᠭᠡᠳ ᠤᠯᠠᠮᠵᠢᠯᠠᠨ ᠬᠡᠷᠡᠭᠯᠡᠭᠰᠡᠭᠡᠷ ᠢᠷᠡᠵᠡᠢ᠃ ᠠᠪᠤ ᠡᠵᠢ ᠪᠤᠯᠤᠭᠰᠠᠳ ᠦᠷ᠎ᠡ ᠬᠡᠤᠬᠡᠳ | ᠳᠡᠭᠡᠨ ᠦᠯᠢᠭᠡᠷ ᠵᠢᠱᠢᠶ᠎ᠡ ᠪᠤᠯᠵᠤ᠂ ᠬᠡᠯᠡᠵᠤ ᠬᠢᠬᠦ ᠪᠠᠨ ᠨᠢᠭᠡᠳᠭᠡᠨ᠂ ᠬᠡᠪ ᠳᠠᠭᠤᠷᠢᠶᠠᠯ ᠢᠶᠠᠷ ᠠᠶᠠᠨᠳᠠᠭᠠᠨ | ᠨᠦᠯᠦᠬᠡᠯᠡᠬᠦ ᠶᠢ ᠡᠷᠬᠢᠮᠯᠠᠳᠡᠭ ᠶᠤᠮ᠃ | ᠠᠮᠢᠨ ᠬᠤᠪᠢᠨ ᠤ ᠠᠰᠢᠭ ᠡᠪᠡᠰᠤᠨ ᠤ ᠰᠢᠬᠦᠳᠡᠷᠢ ᠲᠠᠢ ᠠᠳᠠᠯᠢ | ᠠᠷᠠᠳ ᠲᠦᠮᠡᠨ ᠤ ᠠᠰᠢᠭ ᠦᠨᠳᠦᠷ ᠲᠡᠭᠷᠢ ᠲᠠᠢ ᠠᠳᠠᠯᠢ | | ᠲᠦᠮᠡᠨ ᠤ ᠭᠡᠷᠡᠭ ᠢ ᠲᠦᠷᠦᠬᠦᠯᠡᠵᠤ ᠬᠠᠶᠢᠷᠠᠯᠠ | ᠲᠦᠷᠦᠭᠰᠡᠨ ᠪᠡᠶ᠎ᠡ ᠶᠢ ᠰᠡᠬᠦᠯ ᠳᠤ ᠬᠠᠶᠢᠷᠠᠯᠠ —— ᠮᠤᠩᠭᠤᠯᠴᠤᠳ ᠠᠷᠠᠳ ᠨᠡᠶᠢᠲᠡ ᠶᠢᠨ | ᠡᠷᠭᠡ ᠠᠰᠢᠭ ᠢ ᠪᠦᠬᠦᠨ ᠠᠴᠠ ᠢᠯᠡᠬᠦᠤ ᠡᠷᠬᠢᠮᠯᠠᠨ ᠦᠵᠡᠬᠦ ᠤᠯᠠᠮᠵᠢᠯᠠᠯ ᠲᠠᠢ᠃ ᠡᠶᠢᠮᠤ ᠠᠴᠠ ᠮᠤᠩᠭᠤᠯᠴᠤᠳ | ᠴᠦᠮ ᠠᠷᠠᠳ ᠲᠦᠮᠡᠨ ᠤ ᠡᠷᠭᠡ ᠠᠰᠢᠭ ᠢ ᠬᠠᠮᠠᠭᠠᠯᠠᠵᠤ᠂ ᠰᠢᠳᠤᠷᠭᠤ ᠶᠤᠰᠤ᠂ ᠡᠷᠭᠡ ᠴᠢᠯᠦᠭᠡ᠂ ᠠᠵᠠ ᠵᠢᠷᠭᠠᠯ | ᠲᠦᠯᠦᠭᠡ᠂ ᠦᠨᠡᠨ ᠤ ᠲᠦᠯᠦᠭᠡ ᠲᠡᠮᠡᠴᠡᠭᠴᠢ ᠬᠦᠮᠦᠰ ᠤᠨ ᠦᠯᠢᠭᠡᠷ ᠳᠤᠮᠤᠭ᠂ ᠦᠢᠯᠡ ᠠᠵᠢᠯᠯᠠᠭ᠎ᠠ ᠶᠢ ᠤᠨᠴᠠᠭᠠᠢ | ᠪᠠᠭ᠋ᠠᠳᠤᠳᠠᠭ᠃ ᠮᠦᠨ ᠡᠬᠦᠨ ᠢᠶᠠᠨ ᠵᠤᠬᠢᠶᠠᠯ ᠪᠤᠯᠭᠠᠨ ᠨᠠᠶᠢᠷᠠᠭᠤᠯᠵᠤ᠂ ᠦᠯᠢᠭᠡᠷ ᠪᠤᠯᠭᠠᠨ ᠪᠢᠴᠢᠵᠤ᠂ ᠲᠠᠭᠤᠤ | ᠪᠤᠯᠭᠠᠨ ᠲᠠᠭᠤᠯᠠᠵᠤ᠂ ᠤᠯᠠᠮᠵᠢᠯᠠᠵᠤ ᠳᠡᠯᠭᠡᠷᠡᠬᠦᠯᠬᠦ ᠶᠠᠪᠤᠴᠠ ᠲᠠᠭᠠᠨ ᠦᠷ᠎ᠡ ᠬᠤᠶᠢᠴᠢᠰ ᠢᠶᠠᠨ ᠤᠬᠠᠭᠠᠷᠠᠭᠤᠯᠤᠨ | ᠬᠦᠮᠦᠵᠢᠬᠦᠯᠳᠡᠭ ᠶᠤᠮ᠃ | ᠰᠠᠶᠢᠨ ᠰᠠᠨᠠᠭ᠎ᠠ ᠲᠠᠯ᠎ᠠ ᠶᠢ ᠳᠤᠭᠤᠷᠢᠨ᠎ᠠ | ᠮᠠᠭᠤ ᠰᠠᠨᠠᠭ᠎ᠠ ᠪᠡᠶ᠎ᠡ ᠶᠢ ᠳᠤᠭᠤᠷᠢᠨ᠎ᠠ | | ᠵᠦᠭᠡᠯᠡᠨ ᠦᠯᠦᠭᠡᠢ ᠬᠡᠤᠭᠡᠳ ᠲᠤ ᠲᠠᠭᠠᠷᠠᠨ᠎ᠠ | ᠵᠦᠪ ᠰᠡᠳᠬᠢᠯ ᠠᠮᠢᠳᠤᠷᠠᠯ ᠳᠤ ᠳᠠᠭᠠᠷᠠᠨ᠎ᠠ | | ᠰᠠᠨᠠᠭ᠎ᠠ ᠮᠠᠭᠤᠲᠠᠢ ᠬᠦᠮᠦᠨ ᠦᠬᠦᠳᠡᠯ᠎ᠡ ᠪᠠᠨ ᠵᠤᠪᠠᠨ᠎ᠠ | ᠤᠨᠤᠭ᠎ᠠ ᠮᠠᠭᠤᠲᠠᠢ ᠬᠦᠮᠦᠨ ᠬᠦᠷᠳᠡᠯ᠎ᠡ ᠪᠠᠨ ᠵᠤᠪᠠᠨ᠎ᠠ | | ᠤᠷᠭᠤᠮᠠᠯ ᠮᠤᠳᠤᠨ ᠤ ᠪᠦᠬᠦᠶᠢᠭᠰᠡᠨ ᠨᠢ ᠵᠢᠮᠢᠰ ᠲᠠᠢ ᠶᠢᠨ ᠲᠡᠮᠳᠡᠭ | ᠤᠷᠠᠨ ᠭᠤᠶᠤ ᠲᠤᠭᠤᠰ ᠰᠢᠪᠠᠭᠤ ᠨᠤᠮᠤᠬᠠᠨ ᠨᠢ ᠦᠳᠤ ᠰᠠᠶᠢᠬᠠᠨ ᠲᠠᠢ ᠶᠢᠨ ᠳᠡᠮᠳᠡᠭ | ᠤᠷᠤᠯᠳᠤᠭᠠ ᠰᠠᠶᠢᠲᠠᠢ ᠮᠤᠷᠢ ᠨᠤᠮᠤᠬᠠᠨ ᠨᠢ ᠬᠤᠷᠳᠤᠨ ᠤ ᠳᠡᠮᠳᠡᠭ | ᠤᠬᠠᠭᠠᠨ ᠰᠠᠶᠢᠳᠤ ᠡᠷᠳᠡᠮᠳᠡᠨ ᠨᠤᠮᠤᠬᠠᠨ ᠨᠢ ᠮᠡᠷᠭᠡᠨ ᠤ ᠳᠡᠮᠳᠡᠭ —— ᠠᠰᠪᠤᠷᠢ ᠴᠠᠭᠠᠪᠤᠷᠢ | ᠳᠠᠷᠤᠤ ᠵᠠᠩ ᠨᠢ ᠮᠤᠩᠭᠤᠯ ᠲᠦᠮᠡᠨ ᠤ ᠡᠷᠬᠢᠮ ᠪᠠᠶᠠᠯᠢᠭ ᠳᠡᠭᠡᠳᠤ ᠴᠢᠮᠡᠭ ᠪᠤᠯᠤᠨ᠎ᠠ᠃ ᠮᠤᠩᠭᠤᠯᠴᠤᠳ ᠡᠶᠢᠮᠦᠷᠬᠦ | ᠰᠤᠷᠲᠠᠯ ᠰᠤᠷᠭᠠᠯ ᠢᠶᠠᠷ ᠦᠷ᠎ᠡ ᠬᠤᠶᠢᠴᠢᠰ ᠢᠶᠠᠨ ᠬᠦᠮᠦᠵᠢᠬᠦᠯᠵᠤ᠂ ᠠᠷᠢᠭᠤᠨ ᠰᠠᠶᠢᠬᠠᠨ ᠰᠠᠨᠠᠭ᠎ᠠ ᠪᠤᠳᠤᠯ ᠨᠢ | ᠦᠪᠡᠷ ᠪᠤᠰᠤᠳ ᠢ ᠴᠡᠪᠡᠷᠰᠢᠬᠦᠯᠵᠤ ᠴᠢᠳᠠᠨ᠎ᠠ ᠭᠡᠵᠤ ᠤᠬᠠᠭᠠᠷᠠᠭᠤᠯᠵᠤ ᠪᠠᠶᠢᠳᠠᠭ᠃ | ᠤᠬᠢᠶᠠᠭᠰᠠᠨ ᠤᠰᠤ ᠷᠠᠰᠢᠶᠡᠨ | ᠤᠨᠠᠭᠰᠠᠨ ᠰᠢᠷᠤᠢ ᠠᠯᠲᠠ | | ᠬᠦᠮᠦᠨ ᠤ ᠬᠦᠤ ᠨᠤᠳᠤᠭ ᠳᠠᠭᠠᠨ ᠭᠦᠶᠦᠳᠡᠭ | ᠬᠦᠯᠦᠭ ᠤᠨ ᠤᠨᠠᠭ᠎ᠠ ᠲᠦᠷᠦᠭᠰᠡᠨ ᠳᠡᠭᠡᠨ ᠬᠦᠶᠦᠳᠡᠭ —— ᠮᠠᠨ ᠤ ᠠᠷᠠᠳ ᠲᠦᠮᠡᠨ | ᠨᠤᠳᠤᠭ᠂ ᠡᠭᠡ ᠤᠷᠤᠨ ᠤ ᠪᠠᠨ ᠠᠭᠤᠯᠠ ᠤᠰᠣ᠂ ᠪᠠᠶᠢᠭᠠᠯᠢ ᠶᠢᠨ ᠪᠠᠶᠠᠯᠢᠭ ᠢ ᠡᠷᠬᠢᠮᠯᠡᠨ ᠬᠠᠮᠠᠭᠠᠯᠠᠬᠤ᠂ | ᠬᠦᠨᠳᠦᠳᠭᠡᠨ ᠰᠢᠲᠦᠬᠦ ᠲᠠᠯ᠎ᠠ ᠪᠠᠷ ᠳᠡᠯᠡᠬᠡᠢ ᠳ᠋ᠠᠬᠢᠨ ᠳᠤ ᠠᠯᠳᠠᠷᠲᠠᠢ ᠪᠠᠶᠢᠳᠠᠭ᠃ ᠠᠭᠤᠯᠠ ᠤᠰᠤ ᠪᠠᠨ ᠳᠤᠯᠢᠶᠠᠪᠤᠷ | ᠬᠤᠷᠤᠭᠤ ᠪᠠᠷ ᠵᠢᠭᠠᠳᠠᠭ ᠦᠭᠡᠢ᠂ ᠬᠠᠷᠢᠨ ᠭᠠᠷ ᠤᠨ ᠠᠯᠠᠭ᠎ᠠ ᠪᠠᠨ ᠳᠡᠭᠡᠭᠰᠢ ᠬᠠᠨᠳᠤᠭᠤᠯᠤᠨ ᠳᠤᠰᠤᠨ | ᠬᠦᠨᠳᠦᠳᠭᠡᠵᠤ ᠵᠢᠭᠠᠳᠠᠭ᠃ ᠪᠠᠶᠢᠭᠠᠯᠢ ᠠᠴᠠ ᠠᠪᠬᠤ ᠪᠠ ᠪᠠᠶᠢᠭᠠᠯᠢ ᠳᠤ ᠪᠤᠴᠠᠭᠠᠬᠤ ᠶᠢ ᠵᠤᠬᠢᠴᠠᠭᠤᠯᠤᠨ᠂ ᠤᠷᠤᠰᠢᠨ | ᠠᠮᠢᠳᠤᠷᠠᠬᠤᠢ ᠶᠢᠨ ᠦᠨᠡᠨ ᠮᠦᠷ ᠢ ᠤᠯᠤᠭᠰᠠᠨ ᠪᠠᠶᠢᠳᠠᠭ᠃ ᠮᠦᠨ ᠡᠬᠦᠨ ᠢᠶᠠᠨ ᠡᠳᠦᠷ ᠳᠤᠳᠤᠮ ᠤᠨ ᠠᠮᠢᠳᠤᠷᠠᠯ | ᠲᠠᠢ ᠪᠠᠨ ᠨᠢᠭᠲᠠ ᠤᠶᠠᠯᠳᠤᠭᠤᠯᠤᠨ ᠦᠷ᠎ᠡ ᠬᠡᠤᠭᠡᠳ ᠢᠶᠠᠨ ᠬᠦᠮᠦᠵᠢᠬᠦᠯᠦᠭᠰᠡᠭᠡᠷ ᠢᠷᠡᠵᠡᠢ᠃ | ᠨᠡᠷ᠎ᠡ ᠪᠠᠨ ᠮᠡᠳᠡᠵᠤ ᠶᠠᠪᠤ | ᠪᠢᠷ᠎ᠠ ᠪᠠᠨ ᠮᠡᠳᠡᠵᠤ ᠡᠷᠬᠦ | | ᠨᠡᠷ᠎ᠡ ᠶᠢ ᠵᠠᠯᠠᠭᠤ ᠠᠴᠠ ᠪᠠᠨ | ᠳᠡᠪᠡᠯ ᠢ ᠰᠢᠨ᠎ᠡ ᠠᠴᠠ ᠨᠢ | | ᠰᠠᠶᠢᠨ ᠨᠡᠷ᠎ᠡ ᠶᠢ ᠬᠦᠰᠡᠪᠡᠴᠤ ᠤᠯᠬᠤ ᠦᠭᠡᠢ | ᠮᠠᠭᠤ ᠨᠡᠷ᠎ᠡ ᠶᠢ ᠬᠤᠰᠤᠪᠠᠴᠤ ᠠᠷᠢᠯᠠᠬᠤ ᠦᠭᠡᠢ | | ᠮᠠᠭᠤ ᠨᠡᠷ᠎ᠡ ᠪᠠᠨ ᠳᠠᠬᠢᠨ ᠳᠠᠬᠢᠨ ᠪᠤᠤ ᠳᠠᠭᠤᠳᠠᠭᠤᠯ | ᠮᠠᠭᠤᠬᠠᠢ ᠠᠭᠠᠰᠢ ᠪᠠᠨ ᠳᠠᠬᠢᠨ ᠳᠠᠬᠢᠨ ᠪᠤᠤ ᠦᠵᠡᠬᠦᠯ —— ᠮᠤᠩᠭᠤᠯᠴᠤᠳ ᠬᠦᠮᠦᠨ ᠲᠠᠢ | ᠳᠠᠨᠢᠯᠴᠠᠬᠤ ᠳᠠᠭᠠᠨ ︽ᠲᠠᠨ ᠤ ᠠᠯᠳᠠᠷ ᠨᠡᠷ᠎ᠡ ᠭᠡᠨ ᠭᠡᠳᠡᠭ ᠪᠢᠯᠡ︖︾ ᠭᠡᠵᠤ ᠠᠰᠠᠭᠤᠳᠠᠭ᠃ ᠨᠡᠷ᠎ᠡ ᠭᠡᠳᠡᠭ ᠨᠢ | ᠡᠴᠢᠭᠡ ᠡᠬᠡ ᠶᠢᠨ ᠦᠭᠭᠦᠭᠰᠡᠨ ᠨᠡᠷ᠎ᠡ᠂ ᠠᠯᠳᠠᠷ ᠭᠡᠳᠡᠭ ᠨᠢ ᠬᠤᠵᠢᠮ ᠦᠪᠡᠷᠲᠡᠭᠡᠨ ᠤᠯᠤᠭᠰᠠᠨ ᠴᠤᠯᠠ ᠮᠦᠨ᠃ | ᠮᠤᠩᠭᠤᠯ ᠲᠦᠮᠡᠨ ᠬᠡᠤᠭᠡᠳ ᠢᠶᠠᠨ ᠤᠯᠠᠨ ᠤ ᠳᠤᠮᠳᠠ ᠢᠳᠡᠭᠡᠯ ᠲᠠᠢ ᠡᠷᠬᠦᠮᠵᠢ ᠲᠠᠢ ᠶᠠᠪᠤᠬᠤ ᠶᠢ ᠬᠦᠰᠡᠨ ᠢᠷᠤᠭᠡᠵᠤ | ᠂ ᠠᠯᠳᠠᠷ ᠨᠡᠷ᠎ᠡ ᠪᠠᠨ ᠮᠠᠨᠳᠤᠭᠤᠯᠵᠤ᠂ ᠠᠯᠳᠠᠭ᠎ᠠ ᠳᠤᠲᠠᠭᠳᠠᠯ ᠠᠴᠠ ᠵᠠᠶᠢᠯᠠᠬᠤ ᠶᠢ ᠰᠤᠷᠭᠠᠨ᠂ ︽ᠨᠡᠷ᠎ᠡ ᠤᠯᠬᠤ ᠳᠤ | ᠨᠠᠰᠤᠨ ᠤ ᠬᠢ᠂ ᠨᠡᠷ᠎ᠡ ᠬᠤᠭᠤᠷᠠᠬᠤ ᠳᠤ ᠡᠳᠦᠷ ᠤᠨ ᠬᠢ︾ ᠭᠡᠵᠤ ᠰᠡᠷᠡᠮᠵᠢᠯᠡᠬᠦᠯᠳᠡᠭ᠃ | ᠭᠠᠭᠴᠠ ᠪᠠᠭᠠᠳᠤᠷ ᠠᠴᠠ | ᠭᠠᠷ ᠤᠨ ᠤᠯᠠᠨ ᠳᠡᠭᠡᠷ᠎ᠡ | | ᠪᠦᠬᠦᠳᠡ ᠶᠢᠨ ᠬᠦᠴᠤ ᠪᠤᠯᠤᠳ ᠲᠡᠮᠦᠷ | ᠬᠠᠮᠳᠤ ᠶᠢᠨ ᠬᠦᠴᠤ ᠬᠠᠳᠠ ᠴᠢᠯᠠᠭᠤ | | ᠤᠯᠠᠨ ᠤ ᠬᠦᠴᠦ | ᠤᠯᠤᠮ ᠦᠭᠡᠢ ᠲᠠᠯᠠᠢ | | ᠨᠢᠭᠡ ᠡᠳᠦᠷ ᠲᠠᠨᠢᠯᠴᠠᠵᠤ | ᠮᠢᠩᠭᠠᠨ ᠡᠳᠦᠷ ᠦᠶᠡᠷᠭᠡᠨᠡ | | ᠬᠦᠮᠦᠨ ᠭᠤᠯᠤᠪᠠᠯ ᠨᠦᠬᠦᠷ ᠦᠭᠡᠢ | ᠬᠦᠨᠡᠰᠤ ᠭᠤᠯᠤᠪᠠᠯ ᠬᠤᠭᠤᠯᠠ ᠦᠭᠡᠢ | | ᠡᠪ ᠲᠦᠮᠡᠨ ᠯᠠᠩ | ᠡᠷᠳᠡᠮ ᠮᠢᠩᠭᠠᠨ ᠯᠠᠩ | | ᠡᠪᠯᠡᠪᠡᠯ ᠪᠦᠳᠦᠨ᠎ᠡ | ᠬᠤᠪᠯᠠᠪᠠᠯ ᠭᠤᠳᠤᠨᠠ —— ᠮᠤᠩᠭᠤᠯ ᠤᠨ ᠠᠷᠠᠳ ᠲᠦᠮᠡᠨ ᠬᠠᠮᠳᠤ ᠤᠯᠠᠯᠴᠢ ᠬᠦᠮᠦᠵᠢᠯ᠂ | ᠡᠪ ᠨᠢᠭᠡᠳᠦᠯ ᠤᠨ ᠬᠦᠮᠦᠵᠢᠯ ᠢ ᠠᠯᠢ ᠡᠷᠳᠡ ᠠᠴᠠ ᠲᠠᠨᠢᠨ ᠮᠡᠳᠡᠵᠤ᠂ ᠡᠨᠡᠬᠦ ᠦᠵᠡᠯ ᠰᠠᠨᠠᠭ᠎ᠠ ᠪᠠᠷ ᠢᠶᠠᠨ ᠦᠷ᠎ᠡ | ᠬᠡᠤᠭᠡᠳ ᠢᠶᠠᠨ ᠬᠦᠮᠦᠵᠢᠬᠦᠯᠦᠭᠰᠡᠭᠡᠷ ᠢᠷᠡᠵᠡᠢ᠃ ᠤᠯᠠᠨ ᠤ ᠳᠤᠮᠳᠠ ᠪᠠᠨ ᠪᠦᠯᠬᠦᠮᠳᠠᠯ ᠢ ᠡᠷᠬᠢᠮᠯᠡᠨ᠂ ᠨᠠᠶᠢᠵᠢ | ᠬᠤᠭᠤᠷᠤᠨᠳᠤ ᠪᠠᠨ ᠨᠦᠬᠦᠷᠯᠡᠯ ᠢ ᠬᠦᠨᠳᠦᠳᠭᠡᠵᠤ᠂ ᠭᠡᠷ ᠵᠠᠭᠤᠷ᠎ᠠ ᠪᠠᠨ ᠡᠶ᠎ᠡ ᠡᠪ ᠢ ᠴᠢᠬᠤᠯᠠᠴᠢᠯᠠᠳᠠᠭ ᠨᠢ ᠮᠤᠩᠭᠤᠯ | ᠤᠨ ᠰᠤᠷᠭᠠᠨ ᠬᠦᠮᠦᠵᠢᠯ ᠳᠠᠬᠢ ᠴᠢᠬᠤᠯᠠ ᠨᠢᠭᠡᠨ ᠵᠦᠢ ᠮᠦᠨ᠃ | ᠡᠷ᠎ᠡ ᠬᠦᠮᠦᠨ ᠬᠡᠯᠡᠭᠰᠡᠨ ᠳᠡᠭᠡᠨ | ᠡᠮᠡᠬᠡᠯᠳᠤ ᠮᠤᠷᠢ ᠬᠠᠷᠠᠶᠢᠭᠰᠠᠨ ᠳᠠᠭᠠᠨ | | ᠵᠤᠷᠢᠭᠲᠠᠢ ᠪᠤᠯ ᠵᠤᠯᠲᠠᠢ | ᠵᠤᠯᠪᠤᠭᠠᠲᠠᠢ ᠪᠤᠯ ᠪᠦᠲᠦᠯᠲᠠᠢ | | ᠡᠷᠬᠢ ᠰᠢᠭ ᠡᠮᠳᠡᠷᠡᠬᠦ ᠪᠠᠷ | ᠬᠠᠳᠠ ᠰᠢᠭ᠋ ᠬᠠᠭᠠᠷᠠᠪᠠᠯ ᠳᠡᠭᠡᠷ᠎ᠡ | | ᠪᠡᠷᠭᠡ ᠵᠤᠪᠠᠯᠠᠩ ᠢ ᠳᠡᠰᠦᠨ ᠴᠢᠳᠠᠪᠠᠰᠤ ᠬᠠᠲᠠᠭᠤᠵᠢᠯᠳᠤ ᠮᠦᠨ | ᠪᠡᠷᠬᠡ ᠦᠢᠯᠡ ᠶᠢ ᠪᠦᠳᠦᠭᠡᠨ ᠴᠢᠳᠠᠪᠠᠰᠤ ᠡᠷᠬᠢᠮ ᠮᠦᠨ | ᠪᠡᠷᠭᠡ ᠤᠳᠬ᠎ᠠ ᠶᠢ ᠲᠠᠶᠢᠯᠤᠨ ᠴᠢᠳᠠᠪᠠᠰᠤ ᠰᠠᠷᠠᠭᠤᠯ ᠮᠦᠨ | ᠪᠡᠷᠭᠡ ᠬᠤᠤᠷᠯᠠᠯ ᠢ ᠬᠠᠷᠢᠭᠤᠯᠤᠨ ᠴᠢᠳᠠᠪᠠᠰᠤ ᠬᠦᠴᠦᠳᠤ ᠮᠦᠨ | | ᠲᠤᠭᠤᠯᠭᠠᠨ ᠵᠢᠳᠠ ᠰᠢᠨᠲᠠᠷᠠᠬᠤ ᠳᠠᠭᠠᠨ ᠠᠮᠠᠷ | ᠲᠤᠶᠢᠯᠪᠤᠷᠢ ᠦᠭᠡᠢ ᠬᠦᠮᠦᠨ ᠪᠤᠴᠠᠬᠤ ᠳᠠᠭᠠᠨ ᠠᠮᠠᠷ —— ᠮᠤᠩᠭᠤᠯᠴᠤᠳ ᠦᠨᠡᠨᠴᠢ | ᠢᠲᠡᠭᠡᠯ᠂ ᠪᠠᠭᠠᠳᠤᠷ ᠵᠤᠷᠢᠭ ᠢ ᠡᠷᠬᠢᠮᠯᠡᠨ᠂ ᠬᠡᠯᠡᠭᠰᠡᠨ ᠳᠡᠭᠡᠨ ᠰᠠᠭᠤᠵᠤ ᠵᠤᠷᠢᠭᠰᠠᠨ ᠳᠠᠭᠠᠨ ᠬᠦᠷᠬᠦ ᠶᠢᠨ ᠲᠦᠯᠦᠭᠡ | ᠦᠬᠦᠯ ᠠᠴᠠ ᠦᠯᠤ ᠠᠶᠤᠬᠤ ᠵᠠᠩ ᠴᠢᠨᠠᠷ ᠲᠠᠢ ᠪᠠᠶᠢᠳᠠᠭ᠃ ᠳᠡᠳᠡ ᠦᠨᠡᠨᠴᠢ ᠢᠳᠡᠭᠡᠯ᠂ ᠡᠷᠡᠰ ᠰᠢᠢᠳᠮᠡᠬᠡᠢ᠂ | ᠬᠠᠳᠠᠭᠤ ᠳᠡᠪᠴᠢᠶᠡᠷᠢ ᠪᠠᠷ ᠦᠷ᠎ᠡ ᠭᠡᠤᠭᠡᠳ ᠢᠶᠠᠨ ᠰᠤᠷᠭᠠᠬᠤ ᠪᠠᠷ ᠪᠠᠷᠠᠬᠤ ᠦᠭᠡᠢ ᠢᠲᠡᠭᠡᠮᠵᠢ ᠦᠭᠡᠢ ᠰᠦᠰᠤ | ᠵᠤᠷᠢᠭ ᠦᠭᠡᠢ ᠬᠦᠮᠦᠨ ᠢᠶᠠᠷ ᠦᠯᠢᠬᠡᠷᠯᠡᠨ ᠵᠢᠱᠢᠶᠡᠯᠡᠵᠤ ᠰᠠᠷᠠᠮᠵᠢ ᠪᠤᠯᠭᠠᠳᠠᠭ᠃ | ᠵᠠᠷᠢᠮ ᠭᠡᠷᠡᠭ ᠲᠤ ᠡᠪᠡᠰᠤ ᠮᠡᠳᠤ ᠳᠤᠷᠤᠭᠰᠢ ᠳᠠᠷᠤᠭᠳᠠᠪᠠᠰᠤ ᠵᠤᠬᠢᠬᠤ | ᠵᠠᠷᠢᠮ ᠭᠡᠷᠡᠭ ᠲᠤ ᠭᠠᠯ ᠮᠡᠳᠤ ᠳᠡᠭᠡᠭᠰᠢ ᠪᠠᠳᠠᠷᠠᠪᠠᠰᠤ ᠵᠤᠬᠢᠬᠤ | ᠵᠠᠷᠢᠮ ᠭᠡᠷᠡᠭ ᠲᠤ ᠵᠠᠷᠤᠴᠠ ᠮᠡᠳᠤ ᠬᠦᠯᠢᠴᠡᠨ ᠶᠠᠪᠤᠪᠠᠰᠤ ᠵᠤᠬᠢᠬᠤ | ᠵᠠᠷᠢᠮ ᠭᠡᠷᠡᠭ ᠲᠤ ᠠᠭᠤᠯᠠ ᠮᠡᠳᠤ ᠪᠠᠳᠤᠲᠠ ᠰᠠᠭᠤᠪᠠᠰᠤ ᠵᠤᠬᠢᠬᠤ | | ᠬᠦᠰᠡᠯ ᠪᠠᠳᠠᠷᠠᠭᠰᠠᠨ ᠦᠶᠡᠰ ᠴᠢᠩᠭ᠎ᠠ ᠬᠤᠷᠢᠭᠯᠠᠪᠠᠯ ᠭᠠᠩᠰᠠᠷᠠᠬᠤ ᠳᠤᠯᠠ ᠠᠷᠭ᠎ᠠ ᠪᠠᠷ ᠨᠤᠮᠤᠬᠠᠳᠬᠠᠨᠠ᠂ | ᠠᠭᠤᠷᠲᠠᠢ ᠬᠦᠮᠦᠨ ᠢ ᠰᠢᠷᠦᠬᠦᠨ ᠬᠡᠯᠡᠪᠡᠰᠤ ᠠᠶᠤᠯ ᠪᠤᠯᠬᠤ ᠳᠤᠯᠠ ᠤᠶᠠᠬᠠᠨ ᠤᠬᠠᠭᠤᠯ᠂ ᠤᠮᠤᠭᠲᠠᠢ ᠬᠦᠮᠦᠨ ᠢ | ᠳᠠᠷᠤᠯᠠᠪᠠᠰᠤ ᠬᠤᠷᠤᠰᠬᠤ ᠳᠤᠯᠠ ᠨᠡᠷ᠎ᠡ ᠴᠤᠯᠠ ᠪᠠᠷ ᠪᠠᠶᠠᠰᠬ᠎ᠠ᠂ ᠲᠡᠭᠡᠷᠡᠩᠬᠦᠢ ᠬᠦᠮᠦᠨ ᠢ ᠬᠦᠭᠵᠢᠬᠡᠪᠡᠰᠤ ᠬᠡᠷᠡᠭ | ᠭᠠᠷᠬᠤ ᠳᠤᠯᠠ ᠶᠡᠭᠡ ᠪᠢᠳᠡᠬᠡᠢ ᠬᠡᠷᠡᠭᠰᠡ᠂ ᠠᠲᠠᠭᠠᠴᠢ ᠬᠦᠮᠦᠨ ᠳᠤ ᠨᠢᠭᠤᠷ ᠡᠰᠡ ᠦᠭᠪᠡᠰᠤ ᠭᠤᠮᠤᠳᠠᠬᠤ ᠳᠤᠯᠠ | ᠰᠠᠶᠢᠬᠠᠨ ᠵᠠᠩᠨᠠ᠂ ᠬᠠᠷᠠᠮ ᠬᠦᠮᠦᠨ ᠬᠠᠷᠠᠭᠤ ᠳᠤᠯᠠ ᠠᠷᠠᠯᠵᠢᠶ᠎ᠠ ᠰᠤᠯᠢᠶ᠎ᠠ ᠪᠠᠷ ᠠᠷᠭᠠᠯᠠ᠂ ᠵᠢᠰᠤᠷ ᠬᠦᠮᠦᠨ ᠲᠠᠢ | ᠨᠦᠬᠦᠷᠯᠡᠪᠡᠰᠤ ᠵᠤᠷᠭ᠎ᠠ ᠪᠠᠷ ᠰᠤᠷᠬᠤ ᠳᠤᠯᠠ ᠳᠤᠤᠷᠠᠳᠤ ᠰᠠᠭᠤᠳᠠᠯ ᠢ ᠪᠠᠷᠢ᠂ ᠬᠤᠪᠴᠢ ᠬᠦᠮᠦᠨ ᠲᠠᠢ ᠬᠡᠯᠡᠯᠴᠡᠪᠡᠰᠤ | ᠪᠤᠰᠤᠳ ᠤᠨ ᠭᠡᠮ ᠢ ᠰᠤᠨᠤᠰᠬᠤ ᠲᠤᠯᠠ ᠦᠭᠡ ᠶᠢ ᠪᠢᠲᠡᠭᠡᠢ ᠢᠲᠡᠭᠡ᠂ ᠶᠡᠭᠡ ᠬᠦᠮᠦᠨ ᠢ ᠡᠰᠡ ᠨᠢᠭᠤᠷᠳᠠᠪᠠᠰᠤ | ᠤᠮᠤᠭ ᠦᠭᠡᠢ ᠪᠤᠯᠬᠤ ᠳᠤᠯᠠ ᠶᠤᠰᠤᠨ ᠳᠤᠳᠤᠷ᠎ᠠ ᠰᠠᠶᠢᠬᠠᠨ ᠬᠦᠨᠳᠦᠯᠡ᠂ ᠪᠤᠭᠤᠯ ᠬᠦᠮᠦᠨ ᠢ ᠡᠰᠡ | ᠪᠠᠶᠠᠷᠯᠠᠭᠤᠯᠪᠠᠰᠤ ᠶᠠᠪᠤᠳᠠᠯ ᠬᠤᠵᠢᠮᠳᠠᠬᠤ ᠳᠤᠯᠠ ᠪᠠᠶᠢᠩᠭᠤ ᠳᠤ ᠪᠠᠭ᠎ᠠ ᠰᠠᠭ᠎ᠠ ᠶᠠᠭᠤᠮ᠎ᠠ ᠦᠭ | ᠠᠷᠰᠯᠠᠨ ᠤ ᠪᠠᠭᠠᠳᠤᠷ ᠤᠮᠤᠭ ᠦᠨᠡᠭᠡᠨ ᠳᠤ ᠳᠤᠬᠢᠷᠠᠬᠤ ᠦᠭᠡᠢ | ᠦᠨᠡᠭᠡᠨ ᠤ ᠤᠷᠠᠨ ᠠᠷᠭ᠎ᠠ ᠠᠷᠰᠯᠠᠨ ᠳᠤ ᠳᠤᠬᠢᠷᠠᠬᠤ ᠦᠬᠡᠢ | ᠠᠷᠰᠯᠠᠨ ᠦᠨᠡᠭᠡ ᠮᠡᠳᠤ ᠶᠠᠪᠤᠪᠠᠰᠤ ᠳᠦᠷᠭᠡᠨ ᠭᠤᠳᠤᠬᠤ | ᠦᠨᠡᠭᠡ ᠠᠷᠰᠯᠠᠨ ᠮᠡᠳᠤ ᠶᠠᠪᠤᠪᠠᠰᠤ ᠳᠦᠷᠭᠡᠨ ᠦᠭᠦᠭᠦ —— ᠡᠳᠡᠭᠡᠷ ᠰᠤᠷᠭᠠᠯ ᠨᠢ ᠦᠪᠡᠷ | ᠤᠨ ᠳᠦᠷᠬᠦ ᠪᠠᠨ ᠬᠠᠶᠠᠵᠤ ᠪᠤᠰᠤᠳ ᠤᠨ ᠶᠠᠪᠤᠳᠠᠯ ᠢᠶᠠᠷ ᠶᠠᠪᠤ ᠭᠡᠰᠡᠨ ᠪᠢᠰᠢ᠂ ᠵᠢᠰᠤᠷ ᠬᠤᠯᠵᠢᠨ ᠢ ᠰᠤᠷ ᠭᠡᠰᠡᠨ | ᠨᠡᠩ ᠪᠢᠰᠢ᠃ ᠬᠠᠷᠢᠨ ᠨᠡᠶᠢᠭᠡᠮ ᠨᠡᠶᠢᠲᠡ ᠶᠢᠨ ᠬᠠᠷᠢᠯᠴᠠᠭᠠᠨ ᠤ ᠳᠤᠮᠳᠠ ᠬᠦᠮᠦᠨ ᠢ ᠲᠠᠨᠢᠵᠤ ᠶᠠᠪᠤᠳᠠᠯ ᠢ ᠲᠠᠨᠢᠵᠤ᠂ | ᠡᠪ ᠢ ᠦᠵᠡᠨ ᠬᠠᠷᠢᠴᠠ ᠭᠡᠳᠡᠭ ᠢ ᠰᠤᠷᠭᠠᠭᠰᠠᠨ ᠪᠦᠭᠡᠳ ᠦᠪᠡᠷ ᠢ ᠪᠠᠨ ᠬᠠᠶᠠᠵᠤ ᠪᠤᠰᠤᠳ ᠲᠤ ᠨᠡᠶᠢᠴᠡᠬᠦᠯᠪᠡᠰᠤ | ᠦᠭᠦᠯ ᠤᠨ ᠮᠦᠷ ᠭᠡᠳᠡᠭ ᠢ ᠰᠡᠷᠡᠮᠵᠢᠯᠡᠬᠦᠯᠦᠨ ᠬᠢᠴᠢᠶᠡᠯᠭᠡᠭᠰᠡᠨ ᠶᠤᠮ᠃ | ᠪᠤᠰᠤᠳ ᠤᠨ ᠳᠤᠯᠤᠭᠠᠢ ᠳᠤ ᠭᠠᠷ ᠬᠦᠷᠬᠦ ᠦᠭᠡᠢ —— ᠴᠡᠴᠡᠷᠡᠭᠡ ᠪᠤᠯᠤᠨ᠎ᠠ | ᠡᠩᠬᠡᠷ ᠢᠶᠠᠨ ᠰᠤᠯᠠ ᠲᠠᠯᠪᠢᠬᠤ ᠦᠭᠡᠢ —— ᠠᠪᠤ ᠡᠵᠢ ᠳᠤ ᠴᠢᠨᠢ ᠮᠠᠭᠤ | ᠨᠤᠬᠠᠢ ᠶᠢ ᠪᠤᠤ ᠤᠨᠤ —— ᠦᠮᠦᠳᠦᠨ ᠠᠯᠠ ᠴᠢᠨᠢ ᠴᠤᠭᠤᠷᠤᠨᠠ | ᠰᠦᠨᠢ ᠵᠠᠮ ᠬᠦᠭᠡᠭᠡᠭᠦ ᠳᠡᠭᠡᠨ ᠡᠷᠬᠢᠵᠤ ᠪᠤᠤ ᠬᠠᠷ᠎ᠠ —— ᠰᠦᠨᠡᠰᠦ ᠴᠢᠨᠢ ᠵᠠᠶᠢᠯᠠᠨ᠎ᠠ | ᠬᠤᠭᠤᠯᠠ ᠤᠮᠳᠠᠭᠠᠨ ᠤ ᠲᠡᠭᠡᠵᠢ ᠶᠢ ᠪᠤᠤ ᠢᠳᠡ —— ᠬᠤᠪᠳᠠᠭ ᠪᠤᠯᠤᠨ᠎ᠠ | ᠠᠷᠪᠢᠨ ᠪᠤᠤ ᠤᠬᠢᠯᠠ—— ᠳᠡᠭᠡᠳᠤᠰ ᠳᠤ ᠮᠠᠭᠤ | ᠪᠢᠲᠡᠭᠡᠢ ᠰᠡᠬᠦᠷᠡᠰᠤ ᠠᠯᠳᠠ —— ᠵᠤᠪᠠᠯᠠᠩ ᠢᠷᠡᠨ᠎ᠡ | ᠭᠠᠯ ᠳᠤ ᠪᠢᠲᠡᠭᠡᠢ ᠤᠰᠤ ᠠᠰᠬ᠎ᠠ —— ᠭᠠᠯ ᠤᠨ ᠪᠤᠷᠬᠠᠨ ᠪᠤᠵᠠᠷᠲᠠᠨᠠ | ᠰᠠᠮ ᠱᠦᠭᠦᠷ ᠢᠶᠠᠷ ᠪᠢᠲᠡᠭᠡᠢ ᠨᠠᠭᠠᠳ—— ᠭᠠᠮᠠ ᠶᠠᠷ᠎ᠠ ᠭᠠᠷᠤᠨ᠎ᠠ | ᠬᠤᠷᠤᠭᠤ ᠪᠠᠷ ᠢᠶᠠᠨ ᠪᠢᠲᠡᠭᠡᠢ ᠬᠦᠮᠦᠨ ᠢ ᠵᠢᠭ᠎ᠠ —— ᠬᠤᠷᠤᠭᠤ ᠴᠢᠨᠢ ᠬᠦᠬᠡᠶᠢᠷᠡᠨᠡ | ᠱᠠᠯᠳᠠᠩ ᠢᠶᠠᠷ ᠪᠢᠲᠡᠭᠡᠢ ᠭᠠᠷ —— ᠰᠦᠨᠡᠰᠤ ᠴᠢᠨᠢ ᠰᠤᠴᠢᠨ᠎ᠠ | ᠴᠢᠮᠦᠭᠡ ᠪᠤᠤ ᠢᠳᠡ —— ᠨᠢᠰᠤ ᠴᠢᠨᠢ ᠭᠤᠭᠤᠵᠢᠨ᠎ᠠ | ᠰᠤᠩᠬᠢᠨ᠎ᠠ ᠰᠤᠷᠢᠮᠰᠠᠭ ᠤᠨ ᠬᠠᠯᠢᠰᠤ ᠶᠢ ᠪᠤᠤ ᠭᠠᠯ ᠳᠤ ᠬᠢ —— ᠮᠠᠭᠤᠬᠠᠢ ᠵᠡᠬᠦᠳᠤ ᠵᠡᠬᠦᠳᠦᠯᠡᠨᠡ | | ᠪᠢᠲᠡᠭᠡᠢ ᠦᠷᠦᠭᠡᠰᠤᠨ ᠭᠤᠳᠤᠯ ᠡᠮᠦᠰᠴᠤ ᠪᠤᠳᠠᠭ᠎ᠠ ᠢᠳᠡ —— ᠬᠤᠯᠠᠭᠠᠶᠢᠴᠢ ᠪᠡᠷᠢ ᠠᠪᠤᠨ᠎ᠠ | | ᠪᠢᠴᠢᠭ ᠨᠤᠮ ᠢ ᠳᠤᠷ᠎ᠠ ᠪᠠᠷ ᠪᠤᠤ ᠤᠷᠬᠢ —— ᠪᠠᠷᠴᠢᠳ ᠢᠷᠡᠨ᠎ᠡ | ᠪᠢᠲᠡᠭᠡᠢ ᠡᠷᠬᠢᠯᠳᠤᠨ ᠨᠠᠭᠠᠳ—— ᠮᠤᠩᠬᠠᠭ ᠪᠤᠯᠤᠨ᠎ᠠ | ᠶᠠᠭᠤᠮ᠎ᠠ ᠪᠠᠨ ᠪᠤᠤ ᠬᠠᠷᠠᠮᠨᠠ —— ᠬᠠᠷ᠎ᠠ ᠨᠤᠬᠠᠢ ᠢᠳᠡᠨ᠎ᠡ | ᠪᠢᠲᠡᠭᠡᠢ ᠬᠦᠮᠦᠨ ᠤ ᠠᠷᠤ ᠳᠤ ᠰᠠᠭᠤᠵᠤ ᠪᠤᠳᠠᠭ᠎ᠠ ᠢᠳᠡ —— ᠤᠬᠠᠭᠠᠨ ᠢᠶᠠᠨ ᠭᠡᠭᠡᠨ᠎ᠡ | ᠬᠤᠸᠠᠷ ᠢ ᠪᠤᠤ ᠳᠠᠰᠤᠯ —— ᠵᠢᠰᠤ ᠴᠢᠨᠢ ᠡᠪᠳᠡᠷᠡᠨ᠎ᠡ | ᠦᠭᠡᠢ ᠭᠡᠰᠡᠨ ᠦᠭᠡ ᠶᠢ ᠪᠤᠤ ᠬᠡᠯᠡ —— ᠦᠭᠡᠶᠢᠬᠦᠤ ᠬᠤᠭᠤᠰᠤᠨ ᠪᠤᠯᠤᠨ᠎ᠠ | ᠬᠦᠯ ᠤᠨ ᠤᠯᠠ ᠪᠠᠨ ᠪᠢᠲᠡᠭᠡᠢ ᠲᠠᠭᠠᠷᠠᠭᠤᠯ —— ᠦᠰᠢᠶ᠎ᠡ ᠲᠠᠢ ᠪᠤᠯᠤᠨ᠎ᠠ | ᠡᠷᠡᠤ ᠪᠠᠨ ᠳᠤᠯᠬᠤ ᠶᠢ ᠴᠡᠭᠡᠷᠯᠡ—— ᠡᠷᠲᠡᠭᠡᠷ ᠡᠷᠡᠤ ᠲᠠᠢ ᠪᠤᠯᠤᠨ᠎ᠠ | ᠶᠠᠰᠤ ᠶᠢ ᠰᠠᠶᠢᠬᠠᠨ ᠮᠦᠯᠵᠢ —— ᠡᠷᠬᠢᠬᠦ ᠲᠦᠷᠦᠯ ᠳᠡᠭᠡᠨ ᠭᠤᠶᠤ ᠵᠢᠰᠤ ᠲᠠᠢ ᠪᠤᠯᠤᠨ᠎ᠠ | ᠦᠨᠡᠰᠤ ᠬᠤᠭ ᠢ ᠪᠤᠤ ᠭᠤᠭᠤᠵᠢᠭᠤᠯ —— ᠶᠠᠭᠤᠮ᠎ᠠ ᠬᠤᠮᠠ ᠰᠦᠢᠳᠤᠯ ᠭᠠᠷᠤᠨ᠎ᠠ | ᠠᠶᠠᠭ᠎ᠠ ᠪᠠᠨ ᠪᠢᠲᠡᠭᠡᠢ ᠳᠤᠭᠰᠢ —— ᠲᠠᠷᠢᠶ᠎ᠠ ᠠᠯᠳᠠᠨ᠎ᠠ | ᠭᠠᠯ ᠢᠶᠠᠷ ᠪᠢᠲᠡᠭᠡᠢ ᠨᠠᠭᠠᠳ —— ᠮᠠᠭᠤ ᠢᠷᠸ᠎ᠠ ᠪᠤᠯᠤᠨ᠎ᠠ | ᠰᠢᠪᠠᠭᠤᠨ ᠦᠨᠳᠡᠭᠡ ᠪᠠᠷ ᠪᠤᠤ ᠨᠠᠭᠠᠳ —— ᠭᠠᠷ ᠴᠢᠨᠢ ᠬᠦᠯᠦᠰᠤ ᠭᠠᠷᠤᠨ᠎ᠠ | ᠪᠢᠲᠡᠭᠡᠢ ᠬᠠᠨᠵᠤ ᠡᠯᠢᠬᠡᠳᠡᠨ ᠬᠡᠪᠲᠡ —— ᠡᠴᠢᠭᠡ ᠡᠬᠡ ᠳᠤ ᠴᠢᠨᠢ ᠮᠠᠭᠤ | ᠪᠤᠳᠠᠭ᠎ᠠ ᠶᠢ ᠪᠢᠲᠡᠭᠡᠢ ᠠᠰᠬ᠎ᠠ —— ᠠᠮᠠᠨ ᠬᠦᠨᠡᠰᠤ ᠴᠢᠨᠢ ᠠᠷᠢᠯᠤᠨ᠎ᠠ | ᠬᠦᠮᠦᠨ ᠤ ᠦᠭᠡᠳᠡ ᠠᠴᠠ ᠪᠢᠲᠡᠭᠡᠢ ᠨᠢᠯᠪᠤ —— ᠠᠮᠠᠨ ᠬᠦᠨᠡᠰᠤ ᠴᠢᠨᠢ ᠳᠤᠲᠠᠭᠠᠨ᠎ᠠ | ᠰᠠᠪᠬ᠎ᠠ ᠪᠠᠨ ᠪᠤᠤ ᠤᠨᠠᠭ᠎ᠠ —— ᠪᠤᠰᠤᠳ ᠲᠤ ᠵᠤᠳᠤᠭᠲᠠᠨᠠ | ᠪᠤᠤᠪᠤ ᠶᠢ ᠪᠢᠲᠡᠭᠡᠢ ᠱᠠᠭᠠᠯᠵᠤ ᠢᠳᠡ —— ᠬᠤᠵᠢᠭᠡᠷ ᠪᠤᠯᠤᠨ᠎ᠠ | ᠳᠤᠯᠢᠨ ᠳᠤ ᠠᠷᠪᠢᠨ ᠱᠠᠭᠠᠶᠢᠵᠤ ᠪᠤᠯᠬᠤ ᠦᠭᠡᠢ —— ᠵᠢᠰᠤ ᠴᠢᠨᠢ ᠮᠠᠭᠤᠬᠠᠢ ᠪᠤᠯᠤᠨ᠎ᠠ | ᠬᠤᠪᠠᠭ᠋ᠠᠢ ᠮᠤᠳᠤ ᠶᠢ ᠪᠢᠲᠡᠭᠡᠢ ᠵᠠᠭᠤ —— ᠮᠠᠭᠤ ᠢᠷᠸ᠎ᠠ ᠪᠤᠯᠤᠨ᠎ᠠ | ᠲᠤᠪᠴᠢ ᠪᠠᠨ ᠪᠢᠲᠡᠭᠡᠢ ᠡᠮᠬᠦ —— ᠤᠬᠠᠭᠠᠨ ᠢᠶᠠᠨ ᠠᠯᠳᠠᠨ᠎ᠠ | ᠭᠡᠷ ᠲᠤ ᠪᠢᠲᠡᠭᠡᠢ ᠢᠰᠭᠡᠷ —— ᠮᠤᠭᠠᠢ ᠤᠷᠤᠵᠤ ᠢᠷᠡᠨ᠎ᠡ | ᠵᠤᠭᠰᠤᠭ᠎ᠠ ᠪᠠᠷ ᠪᠤᠤ ᠬᠤᠭᠤᠯᠠ ᠢᠳᠡ —— ᠦᠨᠢᠶ᠎ᠡ ᠴᠢᠨᠢ ᠵᠤᠭᠰᠤᠭ᠎ᠠ ᠪᠠᠷ ᠲᠤᠭᠤᠯᠯᠠᠨ᠎ᠠ | ᠤᠷᠤᠭᠤᠯ ᠢᠶᠠᠷ ᠢᠶᠠᠨ ᠪᠤᠤ ᠨᠠᠭᠠᠳ —— ᠰᠠᠯᠬᠢ ᠭᠠᠷᠤᠨ᠎ᠠ | ᠴᠢᠯᠠᠭᠤᠨ ᠲᠡᠭᠡᠷ᠎ᠡ ᠰᠢᠭᠡᠵᠤ ᠪᠤᠯᠬᠤ ᠦᠭᠡᠢ —— ᠰᠢᠵᠢᠩ ᠡᠪᠡᠳᠴᠢᠨ ᠤᠯᠤᠨ᠎ᠠ | ᠵᠠᠮ ᠲᠡᠭᠡᠷ᠎ᠡ ᠪᠠᠭᠠᠵᠤ ᠪᠤᠯᠬᠤ ᠦᠭᠡᠢ —— ᠪᠦᠭᠰᠡᠨ ᠲᠡᠭᠡᠷ᠎ᠡ ᠴᠢᠨᠢ ᠶᠠᠷ᠎ᠠ ᠭᠠᠷᠤᠨ᠎ᠠ | ᠪᠤᠰᠤᠳ ᠤᠨ ᠶᠠᠭᠤᠮ᠎ᠠ ᠶᠢ ᠬᠤᠯᠠᠭᠠᠶᠢᠯᠠᠵᠤ ᠪᠤᠯᠬᠤ ᠦᠭᠡᠢ —— ᠡᠷᠬᠢᠬᠦ ᠲᠦᠷᠦᠯ ᠳᠡᠭᠡᠨ ᠭᠠᠷ | ᠦᠭᠡᠢ ᠲᠦᠷᠦᠨ᠎ᠡ | ᠤᠯᠵᠠᠨ ᠳᠤ ᠳᠤᠷᠠᠯᠠᠵᠤ ᠪᠤᠯᠬᠤ ᠦᠭᠡᠢ —— ᠭᠡᠳᠦᠨ ᠳᠠᠬᠢᠨ ᠭᠠᠷᠤᠵᠠ ᠭᠠᠷᠤᠨ᠎ᠠ | ᠪᠤᠵᠢᠷ ᠱᠠᠯᠢᠭ ᠦᠭᠡ ᠶᠠᠷᠢᠵᠤ ᠪᠤᠯᠬᠤ ᠦᠭᠡᠢ —— ᠤᠷᠤᠭᠤᠯ ᠳᠡᠭᠡᠷ᠎ᠡ ᠴᠢᠨᠢ ᠶᠠᠷ᠎ᠠ ᠭᠠᠷᠤᠨ᠎ᠠ | | ᠰᠠᠭᠤᠵᠤ ᠪᠠᠶᠢᠭ᠎ᠠ ᠬᠦᠮᠦᠨ ᠤ ᠡᠮᠦᠨᠡᠬᠦᠷ ᠪᠤᠤ ᠭᠠᠷ —— ᠠᠮᠠᠨ ᠬᠦᠨᠡᠰᠤ ᠴᠢᠨᠢ ᠬᠠᠰᠤᠭᠳᠠᠨ᠎ᠠ | | ᠬᠦᠮᠦᠨ ᠢ ᠪᠤᠤ ᠬᠠᠷᠢᠶ᠎ᠠ —— ᠬᠡᠯᠡᠨ ᠳᠡᠭᠡᠷ᠎ᠡ ᠴᠢᠨᠢ ᠶᠠᠷ᠎ᠠ ᠭᠠᠷᠤᠨ᠎ᠠ | ᠭᠡᠷ ᠤᠨ ᠡᠬᠦᠳᠡ ᠪᠤᠶᠤ ᠵᠠᠮ ᠳᠡᠭᠡᠷ᠎ᠡ ᠨᠦᠭᠡ ᠮᠠᠯᠲᠠᠵᠤ ᠪᠤᠯᠬᠤ ᠦᠭᠡᠢ —— ᠠᠪᠤ ᠡᠵᠢ ᠴᠢᠨᠢ | ᠲᠦᠯᠦᠭᠡᠳ ᠪᠠᠷᠠᠰᠢ ᠦᠭᠡᠢ ᠦᠷᠢ ᠳᠤ ᠤᠨᠠᠨ᠎ᠠ | ᠲᠡᠷᠢᠶᠠᠨ ᠳᠤᠮᠳᠠᠭᠤᠷ ᠪᠢᠲᠡᠭᠡᠢ ᠶᠠᠪᠤ —— ᠠᠮᠠᠨ ᠬᠦᠨᠡᠰᠤ ᠴᠢᠨᠢ ᠬᠠᠰᠤᠭᠳᠠᠨ᠎ᠠ | ᠬᠦᠮᠦᠨ ᠤ ᠦᠭᠡᠳᠡ ᠠᠴᠠ ᠪᠤᠳᠠᠭ᠎ᠠ ᠪᠢᠲᠡᠭᠡᠢ ᠳᠡᠪᠢ —— ᠬᠠᠯᠠ ᠲᠠᠢ ᠬᠠᠳᠠᠮ ᠳᠤ ᠲᠠᠭᠠᠷᠠᠨ᠎ᠠ | | ᠢᠳᠡᠵᠤ ᠤᠤᠭᠤᠵᠤ ᠪᠠᠶᠢᠭᠠᠳ ᠡᠪᠰᠢᠶᠡᠵᠤ ᠰᠤᠨᠢᠶᠠᠵᠤ ᠪᠤᠯᠬᠤ ᠦᠭᠡᠢ —— ᠠᠮᠠᠨ ᠬᠦᠨᠡᠰᠤ ᠴᠢᠨᠢ | ᠰᠤᠭᠤ ᠪᠠᠷ ᠭᠠᠷᠤᠨ᠎ᠠ | ᠬᠠᠶᠢᠴᠢ ᠶᠢ ᠠᠩᠭᠠᠶᠢᠯᠭᠠᠵᠤ ᠲᠠᠯᠪᠢᠬᠤ ᠦᠭᠡᠢ —— ᠬᠡᠷᠡᠬᠦᠯ ᠵᠤᠳᠤᠭᠠᠨ ᠤᠯᠠᠳᠤᠨᠠ | ᠰᠢᠨ᠎ᠡ ᠬᠤᠪᠴᠠᠰᠤ ᠭᠤᠳᠤᠯ ᠢ ᠡᠵᠡᠨ ᠠᠴᠠ ᠨᠢ ᠡᠮᠤᠨ᠎ᠡ ᠡᠮᠦᠰᠬᠦ ᠦᠭᠡᠢ —— ᠨᠢᠭᠡ ᠵᠠᠬ᠎ᠠ | ᠬᠤᠪᠴᠠᠰᠤ ᠳᠤᠳᠠᠭᠤ ᠡᠮᠦᠰᠦᠨ᠎ᠡ | ᠳᠡᠭᠡᠰᠤ ᠶᠢ ᠪᠤᠤ ᠴᠢᠷᠴᠤ ᠨᠠᠭᠠᠳ —— ᠠᠳᠠᠯ ᠠᠮᠢᠳᠤᠷᠠᠯ ᠴᠢᠨᠢ ᠰᠤᠨᠵᠢᠷᠠᠨᠠ | ᠬᠦᠮᠦᠨ ᠤ ᠦᠭᠡᠳᠡ ᠠᠴᠠ ᠦᠨᠡᠰᠤ ᠬᠤᠭ ᠠᠪᠴᠤ ᠭᠠᠷᠬᠤ ᠦᠭᠡᠢ —— ᠬᠡᠷᠡᠭ ᠶᠠᠪᠤᠳᠠᠯ ᠰᠠᠭᠠᠷᠠᠨ᠎ᠠ | | ᠭᠠᠯ ᠤᠨ ᠳᠡᠭᠡᠭᠦᠷ ᠪᠤᠤ ᠠᠯᠬᠤ —— ᠬᠡᠶᠢᠮᠤᠷᠢ ᠬᠡᠪᠳᠡᠨ᠎ᠡ | ᠳᠤᠭᠤᠭ᠎ᠠ ᠰᠢᠨᠠᠭ᠎ᠠ᠂ ᠠᠶᠠᠭ᠎ᠠ ᠰᠠᠪᠬ᠎ᠠ ᠪᠠᠨ ᠬᠡᠯᠬᠢᠯᠳᠦᠬᠦᠯᠦᠨ ᠬᠠᠶᠠᠵᠤ ᠪᠤᠯᠬᠤ ᠦᠭᠡᠢ —— ᠠᠪᠤ | ᠡᠵᠢ ᠠᠴᠠ ᠪᠠᠨ ᠰᠠᠯᠤᠨ᠎ᠠ | ᠡᠷᠪᠡᠬᠡᠢ᠂ ᠮᠠᠯᠡᠬᠡᠢ ᠪᠠᠷ ᠪᠤᠤ ᠨᠠᠭᠠᠳ—— ᠦᠨᠢᠶ᠎ᠡ ᠰᠤᠪᠠᠶᠢᠷᠠᠨᠠ᠂ ᠦᠨᠢᠶᠠᠨ ᠰᠦ ᠳᠠᠳᠠᠭᠤᠷᠠᠨᠠ | | ᠢᠳᠡᠵᠤ ᠤᠤᠭᠤᠵᠤ ᠪᠠᠶᠢᠭᠠᠳ ᠤᠯᠠᠨ ᠦᠭᠡ ᠪᠤᠤ ᠶᠠᠷᠢ —— ᠬᠡᠯᠡ ᠠᠮᠠ ᠳᠠᠰᠤᠷᠠᠬᠤ ᠦᠭᠡᠢ | ᠪᠤᠯᠤᠨ᠎ᠠ | ᠠᠪᠳᠠᠷ᠎ᠠ ᠬᠤᠷᠭᠤ ᠳᠡᠭᠡᠷ᠎ᠡ ᠪᠤᠤ ᠭᠠᠷ —— ᠵᠢᠷᠤᠭᠡ ᠪᠠᠭ᠎ᠠ ᠲᠠᠢ ᠪᠤᠯᠤᠨ᠎ᠠ | ᠲᠡᠷᠡ ᠳᠡᠭᠡᠷ᠎ᠡ ᠪᠤᠤ ᠰᠠᠭᠤ —— ᠪᠡᠶ᠎ᠡ ᠴᠢᠨᠢ ᠦᠰᠬᠦ ᠦᠭᠡᠢ ᠪᠤᠯᠤᠨ᠎ᠠ | ᠦᠭᠡᠨ ᠳᠤ ᠪᠤᠤ ᠳᠤᠷᠠᠯᠠ —— ᠵᠠᠪᠠᠵᠢ ᠰᠤᠯᠠ ᠪᠤᠯᠤᠨ᠎ᠠ | ᠬᠢᠳᠤᠭᠠᠨ ᠵᠢᠷ ᠢ ᠳᠡᠭᠡᠭᠰᠢ ᠪᠤᠤ ᠬᠠᠨᠳᠤᠭᠠᠯ —— ᠮᠠᠯ ᠤᠨᠤᠭ᠎ᠠ ᠦᠬᠦᠵᠤ ᠤᠯᠠᠢ ᠦᠵᠡᠨ᠎ᠡ | ᠠᠯᠠᠨ ᠳᠤᠤᠭᠤᠷ ᠢᠶᠠᠨ ᠰᠢᠷᠤᠢ ᠪᠤᠤ ᠰᠠᠴᠤ —— ᠪᠤᠶᠠᠨ ᠢᠶᠠᠨ ᠪᠦᠷ ᠰᠠᠴᠤᠨ᠎ᠠ | ᠡᠬᠦᠳᠡᠨ ᠬᠠᠳᠠᠪᠴᠢᠨ ᠦᠰᠦᠭᠡᠶᠢᠳᠡᠨ ᠪᠤᠤ ᠵᠤᠭᠰᠤ —— ᠭᠡᠷ ᠤᠨ ᠡᠵᠡᠨ ᠳᠤ ᠮᠠᠭᠤ | ᠳᠡᠭᠡᠰᠤᠨ ᠳᠤᠤᠭᠤᠷ ᠪᠤᠤ ᠰᠢᠷᠭᠤ —— ᠪᠡᠶ᠎ᠡ ᠴᠢᠨᠢ ᠦᠰᠬᠦ ᠦᠭᠡᠢ ᠪᠤᠯᠤᠨ᠎ᠠ —— | ᠴᠡᠭᠡᠷ ᠶᠤᠰᠤᠨ ᠢᠶᠠᠷ ᠬᠡᠤᠭᠡᠳ ᠢᠶᠠᠨ ᠰᠤᠷᠭᠠᠬᠤ ᠪᠤᠯ ᠮᠤᠩᠭᠤᠯ ᠲᠦᠮᠡᠨ ᠤ ︽ᠬᠡᠤᠭᠡᠳ ᠰᠤᠷᠭᠠᠬᠤ ᠤᠬᠠᠭᠠᠨ︾ | ᠪᠤᠯᠤᠨ᠎ᠠ᠃ ᠳᠡᠳᠡ ᠶᠤᠰᠤ ᠮᠤᠷᠠᠯ᠂ ᠵᠠᠩ ᠴᠢᠨᠠᠷ ᠤᠨ ᠬᠦᠮᠦᠵᠢᠯ ᠢ ᠬᠡᠤᠭᠡᠳ ᠤᠨ ᠤᠶᠢᠯᠠᠭᠠᠵᠤ ᠳᠡᠶᠢᠯᠬᠦ ᠬᠦᠯᠢᠶᠡᠨ | ᠠᠪᠴᠤ ᠳᠡᠶᠢᠯᠬᠦ ᠴᠡᠭᠡᠷ ᠪᠤᠯᠭᠠᠨ᠂ ᠬᠡᠤᠭᠡᠳ ᠤᠨ ᠤᠶᠢᠯᠡ ᠬᠦᠳᠡᠯᠦᠯ ᠢ ᠬᠢᠵᠠᠭᠠᠷᠯᠠᠬᠤ ᠪᠠᠷ ᠳᠠᠮᠵᠢᠨ᠂ ᠠᠭᠠᠵᠢᠮ | ᠢᠶᠠᠷ ᠶᠤᠰᠤ ᠮᠤᠷᠠᠯ ᠢ ᠮᠡᠳᠡᠬᠦᠯᠦᠨ᠂ ᠵᠠᠩ ᠳᠠᠳᠬᠠᠯ ᠢ ᠲᠦᠯᠦᠪᠰᠢᠷᠡᠬᠦᠯᠵᠤ᠂ ᠡᠴᠤᠰ ᠲᠤ ᠤᠶᠤᠨ ᠰᠠᠨᠠᠭᠠᠨ ᠤ | ᠬᠦᠴᠦᠨ ᠴᠢᠳᠠᠯ ᠪᠤᠯᠭᠠᠬᠤ ᠶᠢ ᠰᠠᠨᠠᠳᠠᠭ᠃ ᠡᠶᠢᠮᠦᠷᠬᠦ ᠬᠦᠮᠦᠵᠢᠯ ᠤᠨ ᠠᠷᠭ᠎ᠠ ᠨᠢ ᠪᠠᠷᠬᠢᠷᠠᠵᠤ ᠵᠠᠩᠨᠠᠬᠤ᠂ ᠴᠤᠬᠢᠵᠤ | ᠵᠤᠳᠤᠬᠤ ᠠᠴᠠ ᠬᠤᠯᠠ ᠢᠯᠡᠬᠦᠤ ᠦᠷ᠎ᠡ ᠠᠰᠢᠭ ᠲᠠᠢ ᠬᠤᠷᠴᠠ ᠤᠬᠠᠭᠠᠨ ᠪᠤᠯᠬᠤ ᠶᠤᠮ᠃ | |