ᠠᠯᠢᠪᠠ ᠡᠪᠡᠳᠴᠢᠨ ᠢ ᠵᠠᠰᠠᠬᠤ ᠳᠤ ᠬᠡᠢ᠂ ᠰᠢᠷ᠎ᠠ᠂ ᠪᠠᠳᠭᠠᠨ᠂ ᠴᠢᠰᠤ᠂ ᠰᠢᠷ᠎ᠠ ᠤᠰᠤ᠂ ᠬᠤᠷᠤᠬᠠᠢ ᠶᠢᠨ | ᠠᠯᠢ ᠨᠢ ᠲᠡᠶᠢᠯᠦᠩᠭᠦᠢ ᠪᠠᠶᠢᠬᠤ ᠶᠢ ᠲᠣᠳᠤᠯᠠᠵᠤ᠂ ᠬᠠᠭᠤᠮᠠᠭᠠᠢ ᠦᠵᠡᠭᠲᠡᠯ ᠤᠨ ᠠᠲᠡᠭᠦᠷᠡᠯ ᠢ ᠲᠤᠲᠤᠷᠬᠠᠶᠢᠯᠠᠨ | ᠲᠤᠬᠠᠢ ᠶᠢᠨ ᠡᠪᠡᠳᠴᠢᠨ ᠳᠤ ᠨᠢ ᠲᠤᠬᠢᠷᠠᠭᠤᠯᠤᠨ ᠠᠨᠠᠭᠠᠬᠤ ᠠᠷᠭ᠎ᠠ ᠪᠠᠷ ᠵᠠᠰᠠ᠃ ᠲᠤᠤᠷᠠᠬᠢ ᠭᠡᠰᠡᠭ ᠡᠪᠡᠳᠴᠢᠨ ᠤ | ᠰᠢᠨᠵᠢ ᠨᠢ ᠬᠠᠷᠢᠯᠴᠠᠨ ᠬᠤᠳᠬᠤᠯᠲᠤᠵᠤ ᠭᠠᠷᠬᠤ ᠪᠦᠭᠡᠳ ᠵᠠᠰᠠᠬᠤ ᠠᠷᠭ᠎ᠠ ᠳᠤ ᠨᠢᠭᠡ ᠨᠢᠭᠡᠨ ᠳᠡᠭᠡᠨ ᠲᠤᠰᠠᠯᠠᠬᠤ | ᠲᠤᠯᠠ ᠰᠢᠨᠵᠢ ᠪᠠ ᠵᠠᠰᠠᠬᠤ ᠠᠷᠭ᠎ᠠ ᠶᠢᠨ ᠬᠠᠷᠢᠯᠴᠠᠨ ᠤᠶᠠᠯᠲᠤᠬᠤ ᠳᠤ ᠨᠢ ᠠᠲᠡᠭᠦᠷᠡᠬᠦ ᠦᠭᠡᠢ ᠪᠠᠷ ᠵᠠᠰᠠᠬᠤ ᠶᠢ | ᠮᠡᠲᠡᠬᠦ ᠬᠡᠷᠡᠭᠲᠡᠢ᠃ | | | ᠨᠢᠭᠡ᠂ ᠠᠲᠡᠭᠦᠷᠡᠯ ᠦᠭᠡᠢ ᠵᠠᠰᠠᠬᠤ᠂ ᠲᠤᠬᠠᠶᠢᠯᠠᠪᠠᠯ᠄ | 1. ᠬᠤᠤᠷ᠎ᠠ᠂ ᠪᠤᠷᠤ᠂ ᠬᠠᠭᠤᠴᠢᠷᠠᠬᠰᠠᠨ ᠬᠠᠯᠠᠭᠤᠨ ᠭᠤᠷᠪᠠ ᠶᠢᠨ ᠰᠢᠨᠵᠢ ᠵᠠᠰᠠᠬᠤ ᠠᠷᠭ᠎ᠠ ᠳᠤ ᠪᠢᠲᠡᠬᠡᠢ | ᠠᠲᠡᠭᠦᠷᠡ᠃ | 2. ᠡᠰᠡ ᠰᠢᠩᠭᠡᠭᠰᠡᠨ ᠪᠠᠳᠭᠠᠨ᠂ ᠠᠶᠤᠤᠯᠢᠬᠠᠢ ᠶᠢᠨ ᠪᠠᠳᠭᠠᠨ᠂ ᠢᠯᠴᠢ ᠪᠠᠭᠤᠷᠠᠬᠰᠠᠨ ᠪᠠᠳᠭᠠᠨ ᠭᠤᠷᠪᠠ | ᠶᠢᠨ ᠰᠢᠨᠵᠢ ᠵᠠᠰᠠᠬᠤ ᠠᠷᠭ᠎ᠠ ᠳᠤ ᠪᠢᠲᠡᠬᠡᠢ ᠠᠲᠡᠭᠦᠷᠡ᠃ | 3. ᠶᠡᠭᠡ ᠠᠷᠬᠠᠭ᠂ ᠰᠤᠪᠠᠭ ᠬᠠᠪᠤᠩ᠂ ᠴᠠᠶᠢᠪᠤᠷ ᠬᠠᠪᠤᠩ᠂ ᠤᠰᠤᠨ ᠬᠠᠪᠤᠩ ᠭᠤᠷᠪᠠ ᠶᠢᠨ ᠰᠢᠨᠵᠢ | ᠵᠠᠰᠠᠬᠤ ᠠᠷᠭ᠎ᠠ ᠳᠤ ᠪᠢᠲᠡᠬᠡᠢ ᠠᠲᠡᠭᠦᠷᠡ᠃ | 4. ᠪᠡᠲᠡᠬᠢ᠂ ᠲᠤᠲᠤᠷ ᠴᠢᠬᠢᠬᠠ ᠬᠤᠶᠠᠷ ᠤᠨ ᠰᠢᠨᠵᠢ ᠵᠠᠰᠠᠬᠤ ᠠᠷᠭ᠎ᠠ ᠳᠤ ᠪᠢᠲᠡᠬᠡᠢ ᠠᠲᠡᠭᠦᠷᠡ᠃ | 5. ᠴᠢᠬᠢᠬᠠ᠂ ᠬᠠᠭᠤᠴᠢᠨ ᠶᠠᠷ᠎ᠠ᠂ ᠰᠦᠷᠢᠶ᠎ᠡ ᠭᠤᠷᠪᠠ ᠶᠢᠨ ᠰᠢᠨᠵᠢ ᠵᠠᠰᠠᠬᠤ ᠠᠷᠭ᠎ᠠ ᠳᠤ ᠪᠢᠲᠡᠬᠡᠢ | ᠠᠲᠡᠭᠦᠷᠡ᠃ | 6. ᠰᠠᠭᠤᠯᠭᠠᠬᠤ ᠡᠪᠡᠳᠴᠢᠨ᠂ ᠭᠡᠲᠡᠰᠦᠨ ᠬᠠᠳᠬᠤᠯᠠᠭ᠎ᠠ᠂ ᠬᠠᠯᠠᠭᠤᠨ ᠢᠶᠠᠷ ᠰᠠᠭᠤᠯᠭᠠᠬᠤ ᠭᠤᠷᠪᠠ ᠶᠢᠨ | ᠰᠢᠨᠵᠢ ᠵᠠᠰᠠᠬᠤ ᠠᠷᠭ᠎ᠠ ᠳᠤ ᠪᠢᠲᠡᠬᠡᠢ ᠠᠲᠡᠭᠦᠷᠡ᠃ | 7. ᠲᠤᠯᠠᠢ᠂ ᠬᠡᠷᠦᠭᠦ᠂ ᠬᠦᠯ ᠤᠨ ᠪᠠᠮ ᠭᠤᠷᠪᠠ ᠶᠢᠨ ᠰᠢᠨᠵᠢ ᠵᠠᠰᠠᠬᠤ ᠠᠷᠭ᠎ᠠ ᠳᠤ ᠪᠢᠲᠡᠬᠡᠢ ᠠᠲᠡᠭᠦᠷᠡ᠃ | |