ᠦᠷᠭᠦᠭᠡᠳᠦ ᠶᠢᠨ ᠬᠦᠢᠳᠡᠨ ᠷᠠᠰᠢᠶᠠᠨ᠄ | ᠪᠠᠶᠠᠩᠬᠤᠩᠭᠤᠷ ᠠᠶᠢᠮᠠᠭ ᠤᠨ ᠲᠦᠪ ᠠᠴᠠ 75 ᠺᠢᠯᠥᠮᠧᠲᠷ᠂ ᠭᠠᠯᠠᠭᠤᠳᠦ ᠰᠣᠮᠣᠨ ᠠᠴᠠ 35 ᠺᠢᠯᠥᠮᠧᠲᠷ | ᠵᠠᠢ ᠳᠤ ᠮᠠᠨᠳᠣᠯ ᠪᠠᠭ ᠤᠨ ᠨᠣᠳᠤᠭ ᠲᠤ ᠦᠷᠭᠦᠭᠡᠳᠦ ᠶᠢᠨ ᠭᠤᠣᠯ ᠤᠨ ᠵᠡᠭᠦᠨ ᠡᠷᠭᠢ ᠲᠡᠭᠡᠷ᠎ᠡ ᠡᠷᠬᠢᠨ ᠲᠣᠭᠤᠷᠢᠨ | ᠠᠭᠤᠯᠠᠰ ᠢᠶᠠᠷ ᠬᠦᠷᠢᠶᠡᠯᠡᠭᠳᠡᠨ ᠣᠷᠣᠰᠢᠨ᠎ᠠ᠃ ᠣᠭ ᠷᠠᠰᠢᠶᠠᠨ ᠨᠢ ᠬᠠᠩᠭᠠᠢ ᠶᠢᠨ ᠭᠤᠣᠯ ᠶᠡᠭᠡ ᠨᠢᠷᠣᠭᠤᠨ ᠤ | ᠦᠪᠦᠷ ᠠᠴᠠ ᠣᠨᠳᠣᠷᠣᠨ ᠭᠠᠷᠣᠭᠰᠡᠨ ᠪᠦᠭᠡᠳ ᠬᠦᠷᠡᠩ ᠬᠠᠶᠢᠷᠬᠠᠨ᠂ ᠲᠣᠨᠣᠢ ᠶᠢᠨ᠂ ᠦᠯᠡᠳᠦ ᠶᠢᠨ ᠭᠡᠬᠦ ᠮᠡᠳᠦ | ᠨᠢᠷᠣᠭᠤᠳ ᠢᠶᠠᠷ ᠬᠦᠷᠢᠶᠡᠯᠡᠭᠳᠡᠳᠡᠭ᠃ ᠡᠨᠡ ᠷᠠᠰᠢᠶᠠᠨ ᠨᠢ ᠬᠤᠭᠤᠯᠠᠢ᠂ ᠨᠢᠳᠦ᠂ ᠦᠶ᠎ᠡ ᠮᠦᠴᠢ ᠶᠢᠨ ᠡᠪᠡᠳᠴᠢᠨ | ᠳᠤ ᠰᠠᠶᠢᠨ ᠪᠦᠭᠡᠳ ᠵᠣᠨ ᠤ ᠲᠡᠯᠭᠡᠷ ᠴᠠᠭ ᠲᠤ ᠣᠶᠢᠷᠠᠯᠴᠠᠭ᠎ᠠ ᠰᠣᠮᠣ ᠪᠣᠯᠣᠨ ᠭᠤᠪᠢ ᠶᠢᠨ ᠰᠣᠮᠣᠳ ᠠᠴᠠ | ᠬᠦᠮᠦᠰ ᠢᠷᠡᠵᠣ ᠣᠭ ᠷᠠᠰᠢᠶᠠᠨ ᠢ ᠬᠡᠷᠡᠭᠯᠡᠳᠡᠭ᠃ | | ᠦᠬᠡᠭ ᠤᠨ ᠬᠠᠯᠠᠭᠤᠨ ᠷᠠᠰᠢᠶᠠᠨ᠄ | ᠪᠠᠶᠠᠩᠬᠤᠩᠭᠤᠷ ᠠᠶᠢᠮᠠᠭ ᠤᠨ ᠭᠠᠯᠠᠭᠤᠳᠦ ᠰᠣᠮᠣᠨ ᠤ ᠨᠣᠳᠤᠭ ᠲᠤ ᠣᠷᠣᠰᠢᠬᠤ ᠬᠤᠳᠣᠭᠤᠳᠦ᠂ ᠠᠭᠤᠰᠬᠢ᠂ | ᠰᠦᠰᠦ᠂ ᠴᠢᠬᠢ᠂ ᠬᠠᠮᠠᠷ᠂ ᠬᠤᠭᠤᠯᠠᠢ᠂ ᠪᠦᠭᠡᠷ᠎ᠡ᠂ ᠶᠠᠳᠠᠷᠠᠭ᠎ᠠ᠂ ᠦᠶ᠎ᠡ ᠮᠦᠴᠢ ᠶᠢᠨ ᠡᠪᠡᠳᠴᠢᠨ ᠢ ᠠᠨᠠᠭᠠᠬᠤ | ᠴᠢᠳᠠᠯ ᠲᠠᠢ ᠷᠠᠰᠢᠶᠠᠨ ᠶᠤᠮ᠃ ᠠᠶᠢᠮᠠᠭ ᠤᠨ ᠲᠦᠪ ᠠᠴᠠ 40 ᠺᠢᠯᠥᠮᠧᠲᠷ᠂ ᠭᠠᠯᠠᠭᠤᠳᠦ ᠰᠣᠮᠣᠨ ᠤ ᠲᠦᠪ ᠠᠴᠠ | 27 ᠺᠢᠯᠥᠮᠧᠲᠷ ᠵᠠᠶᠢᠳᠠᠢ ᠳᠤ ᠣᠷᠣᠰᠢᠨ᠎ᠠ᠃ ᠠᠮᠠᠷᠠᠯᠳᠠ ᠶᠢᠨ ᠭᠠᠵᠠᠷ ᠤᠨ ᠡᠷᠬᠢᠨ ᠲᠣᠭᠤᠷᠢᠨ ᠨᠢ ᠠᠭᠤᠯᠠ ᠣᠰᠦ᠂ | ᠪᠦᠬᠦᠶᠢᠯᠡ ᠲᠦᠷᠦᠯ ᠤᠨ ᠡᠮ ᠤᠨ ᠣᠷᠭᠤᠮᠠᠯ᠂ ᠪᠠᠶᠢᠭᠠᠯᠢ ᠶᠢᠨ ᠦᠪᠡᠷᠮᠢᠴᠡ ᠲᠣᠭᠳᠠᠴᠠ ᠪᠦᠬᠦᠢ ᠲᠣᠷᠠᠰᠬᠠᠯᠳᠦ | ᠭᠠᠵᠠᠷ ᠤᠳ ᠲᠠᠢ᠃ | | ᠨᠠᠷᠢᠨ ᠤ ᠷᠠᠰᠢᠶᠠᠨ᠄ | ᠪᠠᠶᠠᠩᠬᠤᠩᠭᠤᠷ ᠠᠶᠢᠮᠠᠭ ᠤᠨ ᠭᠤᠷᠪᠠᠨ ᠪᠣᠯᠠᠭ ᠰᠣᠮᠣᠨ ᠤ ᠨᠣᠳᠤᠭ ᠲᠤ ᠣᠷᠣᠰᠢᠳᠠᠭ ᠪᠦᠭᠡᠳ ᠵᠢᠯ ᠤᠨ | ᠲᠦᠷᠪᠡᠨ ᠣᠯᠠᠷᠢᠯ ᠳᠤ ᠣᠰᠦᠨ ᠳᠤ ᠨᠢ ᠪᠣᠯᠵᠣᠮᠣᠷ᠂ ᠣᠭᠤᠳᠣᠨᠠ ᠠᠮᠢᠳᠣᠷᠠᠵᠣ ᠪᠠᠶᠢᠳᠠᠭ᠃ ᠵᠠᠷᠢᠮ ᠡᠪᠦᠯ ᠳᠤ | ᠢᠯᠠᠭ᠎ᠠ ᠬᠦᠷᠳᠡᠯ᠎ᠠ ᠠᠮᠢᠳᠦ ᠡᠪᠦᠯᠵᠢᠳᠡᠭ ᠭᠡᠨ᠎ᠡ᠃ ᠶᠠᠭ ᠲᠡᠷᠡ ᠦᠶ᠎ᠡ ᠳᠡᠭᠡᠨ ᠡᠨᠡᠬᠦ ᠷᠠᠰᠢᠶᠠᠨ ᠶᠠᠮᠠᠷ ᠴᠦ ᠡᠪᠡᠳᠴᠢᠨ | ᠢ ᠠᠨᠠᠭᠠᠬᠤ ᠴᠢᠳᠠᠯ ᠲᠠᠢ ᠪᠣᠯᠳᠠᠭ ᠬᠡᠮᠡᠨ ᠨᠣᠳᠤᠭ ᠤᠨ ᠬᠦᠮᠦᠰ ᠶᠠᠷᠢᠳᠠᠭ᠃ ᠨᠠᠷᠢᠨ ᠤ ᠷᠠᠰᠢᠶᠠᠨ 3 ᠬᠤᠰᠢᠭᠤᠨ | ᠠᠴᠠ ᠰᠠᠯᠠᠭᠠᠯᠠᠨ ᠣᠷᠣᠰᠬᠤ ᠪᠦᠭᠡᠳ ᠲᠣᠯᠣᠭᠠᠢ᠂ ᠴᠢᠬᠢ᠂ ᠬᠠᠮᠠᠷ᠂ ᠬᠤᠳᠣᠭᠤᠳᠦ᠂ ᠨᠢᠳᠦ᠂ ᠰᠢᠳᠦ᠂ ᠪᠦᠭᠡᠷ᠎ᠡ | ᠭᠡᠬᠦ ᠮᠡᠳᠦ ᠪᠠᠷ ᠠᠩᠬᠢᠯᠠᠨ ᠬᠡᠷᠡᠭᠯᠡᠭᠰᠡᠭᠡᠷ ᠢᠷᠡᠵᠠᠢ᠃ ᠡᠨᠡᠬᠦ ᠷᠠᠰᠢᠶᠠᠨ ᠤ ᠪᠠᠰᠠ ᠨᠢᠭᠡᠨ ᠭᠠᠶᠢᠬᠠᠮᠰᠢᠭᠳᠦ ᠴᠢᠨᠠᠷ ᠨᠢ | ᠵᠣᠨ ᠬᠦᠢᠳᠡᠨ ᠪᠠᠶᠢᠳᠠᠭ ᠠᠳᠠᠯ᠎ᠠ ᠪᠠᠨ ᠡᠪᠦᠯ ᠨᠢ ᠪᠦᠯᠢᠶᠡᠰᠳᠡᠭ ᠠᠵᠠᠢ᠃ 1964 ᠣᠨ ᠳᠤ ᠬᠦᠪᠰᠦᠭᠦᠯ ᠠᠶᠢᠮᠠᠭ | ᠤᠨ ᠬᠠᠷᠢᠶᠠᠳᠦ ᠨᠢᠭᠡᠨ ᠬᠡᠯᠡ ᠦᠭᠡᠢ ᠬᠦᠮᠦᠨ ᠷᠠᠰᠢᠶᠠᠨ ᠠᠴᠠ ᠣᠣᠭᠤᠵᠣ ᠣᠪᠣᠭᠠᠨ ᠳᠤ ᠨᠢ ᠮᠦᠷᠭᠦᠵᠣ ᠪᠠᠶᠢᠳᠠᠯ᠎ᠠ | ᠲᠣᠱᠠᠭᠠ ᠲᠠᠢ ᠮᠣᠷᠢ ᠨᠢ ᠲᠡᠭᠳᠡᠭᠡᠳ ᠶᠠᠪᠣᠬᠤ ᠳᠤ ᠮᠣᠷᠢᠨ ᠤ ᠪᠠᠨ ᠬᠤᠶᠢᠨ᠎ᠠ ᠠᠴᠠ ᠬᠠᠰᠬᠢᠷᠠᠳᠠᠯᠠ ᠬᠡᠯᠡ | ᠣᠷᠣᠴᠢᠬᠠᠭᠰᠡᠨ ᠪᠠᠶᠢᠭᠰᠡᠨ ᠭᠡᠵᠣ ᠲᠣᠮᠣᠭᠯᠠᠨ ᠶᠠᠷᠢᠯᠴᠠᠳᠠᠭ᠃ |