ᠨᠢᠬᠡ᠂ ᠲᠠᠷᠢᠯᠭ᠎ᠠ ᠶᠢ ᠬᠠᠳᠠᠭᠠᠯᠠᠬᠤ | ᠲᠠᠷᠢᠯᠭ᠎ᠠ ᠶᠢᠨ ᠲᠦᠷᠦᠯ ᠵᠦᠢᠯ ᠤᠨ ᠠᠳᠠᠯᠢ ᠦᠭᠡᠢ ᠠᠴᠠ ᠪᠤᠯᠵᠦ ᠬᠠᠳᠠᠭᠠᠯᠠᠬᠤ ᠨᠦᠬᠦᠴᠡᠯ ᠨᠢ ᠴᠦ ᠠᠳᠠᠯᠢ | ᠦᠭᠡᠢ ᠪᠠᠶᠢᠳᠠᠭ᠃ ᠲᠠᠷᠢᠯᠭ᠎ᠠ ᠶᠢ ᠲᠤᠰᠴᠦ ᠠᠪᠤᠭᠰᠠᠨ ᠤ ᠲᠠᠷᠠᠭ᠎ᠠ᠂ ᠲᠠᠷᠢᠯᠭ᠎ᠠ ᠶᠢᠨ ᠲᠠᠨᠢᠯᠴᠠᠭᠤᠯᠭ᠎ᠠ᠂ ᠵᠡᠬᠦᠯᠳᠡ | ᠱᠤᠰᠢᠭ᠎ᠠ ᠶᠢ ᠨᠠᠷᠢᠨ ᠬᠢᠨᠠᠮᠠᠭᠠᠢ ᠤᠩᠰᠢᠵᠦ᠂ ᠱᠠᠭᠠᠷᠳᠠᠯᠭ᠎ᠠ ᠶᠤᠰᠤᠭᠠᠷ ᠲᠠᠷᠢᠯᠭ᠎ᠠ ᠶᠢ ᠬᠠᠳᠠᠭᠠᠯᠠᠬᠤ ᠬᠡᠷᠡᠭᠳᠡᠢ᠃ | | ᠢᠳᠡᠪᠬᠢ ᠲᠠᠷᠢᠯᠭ᠎ᠠ᠄ ᠪᠦᠷ ᠲᠤᠤᠷ᠎ᠠ ᠲᠤᠯᠠᠭᠠᠨ ᠳᠤ ᠬᠠᠳᠠᠭᠠᠯᠠᠨ᠎ᠠ᠃ ᠶᠡᠷᠦ ᠶᠢᠨ ᠪᠠᠶᠢᠳᠠᠯ ᠳᠤ᠂ ᠲᠤᠯᠠᠭᠠᠨ | ᠨᠢ ᠤᠯᠠᠮ ᠲᠤᠤᠷ᠎ᠠ ᠪᠤᠯ ᠬᠠᠳᠠᠭᠠᠯᠠᠬᠤ ᠴᠠᠭ ᠨᠢ ᠤᠯᠠᠮ ᠤᠷᠳᠤ᠂ ᠮᠠᠨ ᠤ ᠤᠯᠤᠰ ᠤᠨ ᠦᠢᠯᠡᠳᠪᠤᠷᠢᠯᠡᠭᠰᠡᠨ | ᠬᠦᠯᠳᠡᠬᠡᠭᠰᠡᠨ ᠬᠠᠳᠠᠭᠠᠮᠠᠯ ᠲᠠᠷᠢᠯᠭ᠎ᠠ ᠶᠢ ᠶᠡᠷᠦᠳᠡᠬᠡᠨ —20 ᠭᠷᠠᠳᠦ᠋ᠰ ᠠᠴᠠ ᠲᠤᠷᠤᠭᠰᠢᠬᠢ ᠲᠤᠯᠠᠭᠠᠨ ᠳᠤ | ᠬᠠᠳᠠᠭᠠᠯᠠᠳᠠᠭ᠃ ᠭᠠᠳᠠᠭᠠᠳᠤ ᠠᠴᠠ ᠤᠷᠤᠭᠤᠯᠤᠭᠰᠠᠨ ᠬᠦᠯᠳᠡᠬᠡᠭᠰᠡᠨ ᠬᠠᠳᠠᠭᠠᠮᠠᠯ ᠲᠠᠷᠢᠯᠭ᠎ᠠ ᠶᠢ ᠡᠩ ᠤᠨ ᠪᠠᠶᠢᠳᠠᠯ | ᠳᠤ 2 — 8 ᠭᠷᠠᠳᠦ᠋ᠰ ᠤᠨ ᠲᠤᠯᠠᠭᠠᠨ ᠳᠤ ᠬᠠᠳᠠᠭᠠᠯᠠᠨ᠎ᠠ᠂ ᠬᠦᠯᠳᠡᠬᠡᠵᠦ ᠪᠤᠯᠬᠤ ᠦᠭᠡᠢ᠂ ᠮᠦᠨᠴᠦ ᠨᠠᠷᠠᠨ ᠤ | ᠰᠢᠷᠠᠵᠦ ᠪᠤᠯᠬᠤ ᠦᠭᠡᠢ᠃ | | ᠬᠤᠶᠠᠷ᠂ ᠲᠠᠷᠢᠯᠭ᠎ᠠ ᠶᠢ ᠵᠦᠬᠡᠬᠡᠪᠤᠷᠢᠯᠡᠬᠦ | ᠬᠦᠯᠳᠡᠬᠡᠭᠰᠡᠨ ᠬᠠᠳᠠᠭᠠᠮᠠᠯ ᠲᠠᠷᠢᠯᠭ᠎ᠠ ᠶᠢ ᠶᠡᠭᠡ ᠬᠡᠮᠵᠢᠶ᠎ᠡ ᠪᠠᠷ ᠵᠦᠬᠡᠬᠡᠪᠤᠷᠢᠯᠡᠬᠦ ᠳᠤ ᠬᠦᠯᠳᠡᠬᠡᠬᠦᠷ ᠲᠠᠢ ᠲᠡᠷᠬᠡ | ᠪᠠᠷ ᠵᠦᠬᠡᠬᠡᠪᠤᠷᠢᠯᠡᠨᠡ᠃ ᠪᠠᠭ᠎ᠠ ᠬᠡᠮᠵᠢᠶ᠎ᠡ ᠪᠠᠷ ᠵᠦᠬᠡᠬᠡᠪᠤᠷᠢᠯᠡᠬᠦ ᠳᠤ ᠰᠡᠷᠢᠬᠦᠨ ᠬᠠᠳᠠᠭᠠᠯᠠᠬᠤ ᠬᠠᠶᠢᠷᠴᠠᠭ ᠪᠤᠶᠤ | ᠲᠤᠯᠠᠭᠠᠨ ᠬᠠᠳᠠᠭᠠᠯᠠᠬᠤ ᠰᠠᠪᠠᠨ ᠳᠤ ᠮᠦᠰᠦᠨ ᠢᠯᠳᠠᠰᠤ ᠬᠡᠵᠦ ᠵᠦᠬᠡᠬᠡᠪᠤᠷᠢᠯᠡᠨᠡ᠃ | ᠢᠳᠡᠪᠬᠢ ᠪᠤᠰᠤ ᠲᠠᠷᠢᠯᠭ᠎ᠠ ᠶᠢ ᠵᠦᠬᠡᠬᠡᠪᠤᠷᠢᠯᠡᠬᠦ ᠳᠤ ᠲᠤᠭᠳᠠᠭᠰᠠᠨ ᠲᠤᠯᠠᠭᠠᠨ ᠲᠠᠢ ᠲᠡᠷᠬᠡ ᠪᠠᠷ | ᠵᠦᠬᠡᠬᠡᠪᠤᠷᠢᠯᠡᠨᠡ᠃ ᠡᠪᠦᠯ ᠬᠦᠯᠳᠡᠬᠦ ᠠᠴᠠ ᠰᠡᠷᠬᠡᠶᠢᠯᠡᠵᠦ᠂ ᠵᠤᠨ ᠤ ᠨᠠᠷᠠᠨ ᠤ ᠲᠤᠰᠤᠯᠳᠠ ᠠᠴᠠ ᠰᠡᠷᠬᠡᠶᠢᠯᠡᠨ᠎ᠡ︔ | ᠪᠠᠭ᠎ᠠ ᠬᠡᠮᠵᠢᠶ᠎ᠡ ᠪᠠᠷ ᠵᠦᠬᠡᠬᠡᠪᠤᠷᠢᠯᠡᠬᠦ ᠳᠤ ᠰᠡᠷᠢᠬᠦᠨ ᠬᠠᠳᠠᠭᠠᠯᠠᠬᠤ ᠬᠠᠶᠢᠷᠴᠠᠭ ᠢ ᠬᠡᠷᠡᠭᠯᠡᠨ᠎ᠡ᠃ |