8. ᠬᠡᠷᠪᠡ ᠲᠡᠷᠢᠭᠦᠨ ᠪᠣᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠤ ᠡᠰᠡ ᠴᠢᠳᠠᠪᠠᠯ ᠬᠠᠭᠠᠨ ᠪᠣᠯᠵᠤ | ᠶᠠᠭᠤ ᠬᠢᠨ᠎ᠡ᠂ ᠲᠦᠮᠡᠨ ᠤ ᠰᠢᠪᠰᠢᠭ᠃ | | 9. ᠮᠡᠬᠦᠶᠢᠨ ᠪᠠᠶᠠᠰᠬᠤ ᠨᠢ ᠡᠨᠡ ᠳᠡᠯᠡᠬᠡᠢ ᠳ᠋ᠠᠬᠢᠨ ᠨᠢᠭᠡᠨ ᠭᠡᠷ ᠪᠦᠯᠢ ︵ᠮᠡᠲᠦ︶ ᠪᠣᠯᠵᠤ᠂ ᠲᠥᠪ ᠲᠦᠪᠰᠢᠨ | ᠡᠩᠬᠡ ᠠᠮᠤᠭᠤᠯᠠᠩ ᠪᠣᠯᠪᠠᠰᠤ ᠰᠠᠶ᠋ᠢ ᠮᠢᠨᠤ ᠪᠠᠶᠠᠰᠤᠯ ᠢᠷᠠᠨ᠎ᠠ᠃ ᠡᠷᠭᠢᠨ ᠲᠣᠭᠤᠷᠢᠨ ᠶᠣᠰᠣ ᠪᠤᠰᠤ ᠣᠯᠠᠨ ᠬᠠᠭᠠᠳ | ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠣᠯᠠᠨ ᠠᠮᠢᠲᠠᠨ ᠢ ᠶᠡᠭᠡ ᠵᠤᠪᠠᠭᠠᠵᠤᠮ᠃ ᠦᠷᠭᠦᠯᠵᠢ | ᠪᠠᠶᠢᠯᠳᠤᠭᠠᠨ ᠡᠭᠦᠰᠬᠡᠵᠦ᠂ ᠬᠥᠮᠥᠨ ᠤ ᠦᠬᠦᠬᠦ ᠨᠢ ᠡᠯᠡᠰᠦ ᠬᠡᠶᠢᠰᠬᠡᠬᠦ ᠲᠠᠢ ᠠᠳᠠᠯᠢ ᠪᠣᠯᠵᠠᠢ᠃ ᠡᠶᠢᠮᠦ ᠠᠴᠠ ᠪᠢ | ᠲᠡᠳᠡᠨ ᠢ ᠨᠣᠮᠣᠬᠠᠷᠠᠭᠤᠯᠵᠤ ᠳᠡᠯᠡᠬᠡᠢ ᠨᠡᠶᠢᠲᠡ ᠪᠠᠷ ᠡᠩᠬᠡ ᠲᠦᠪᠰᠢᠨ ᠪᠣᠯᠭᠠᠬᠤ ᠪᠣᠳᠣᠯ ᠲᠠᠢ ᠪᠠᠶᠢᠨ᠎ᠠ᠃ ᠡᠭᠦᠨ ᠢ | ᠬᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ᠂ ᠳᠣᠣᠷᠠᠳᠤ ᠬᠥᠮᠥᠨ ᠠᠮᠢᠲᠠᠨ ᠳᠤ ᠥᠷᠥᠰᠢᠶᠡᠯ ᠪᠣᠯᠬᠤ ᠪᠢᠯᠡ᠃ | | 10. ᠬᠤᠣᠷᠲᠠᠨ ᠮᠠᠭᠤ ᠶᠢ ᠰᠠᠶᠢᠲᠤᠷ ᠵᠠᠰᠠᠵᠤ᠂ ᠬᠤᠲᠠᠯᠠ ᠤᠯᠤᠰ ᠢ ᠢᠮᠠᠭᠲᠠ ᠬᠠᠮᠠᠭᠠᠯᠠᠭᠳᠤᠨ᠃ | | 11. ᠴᠢᠭᠢᠷᠠᠭ ᠡᠵᠡᠨ᠂ ᠴᠢᠳᠠᠪᠤᠷᠢᠲᠠᠢ ᠰᠠᠶᠢᠳ ᠪᠣᠯ ᠤᠯᠤᠰ ᠢ ᠪᠠᠶᠢᠭᠤᠯᠬᠤ ᠡᠷᠳᠡᠨᠢ᠂ ᠴᠢᠩᠭ᠎ᠠ ᠴᠢᠩᠳᠠ | ᠴᠡᠷᠢᠭ ᠴᠢᠭᠴᠢ ᠵᠢᠨᠦᠩ ᠴᠢᠳᠠᠯ ᠢ ᠵᠠᠩᠵᠤᠨ ᠴᠢᠨᠠᠳᠤ ᠶᠢ ᠳᠡᠶᠢᠯᠬᠦ ᠶᠢᠨ ᠦᠨᠳᠦᠰᠦ᠃ | | 12. ᠠᠤᠭ᠎ᠠ ᠬᠦᠴᠦ ᠪᠠᠨ ᠶᠡᠬᠡᠳᠬᠡᠶᠡ ᠭᠡᠪᠡᠯ ᠠᠷᠠᠳ ᠴᠡᠷᠢᠭ ᠢᠶᠠᠨ ᠠᠪᠤᠷᠠ᠂ ᠠᠮᠤᠷ ᠵᠢᠮ ᠵᠢᠷᠭᠠᠶ᠎ᠠ ᠭᠡᠪᠡᠯ | ᠡᠪ ᠡᠶ᠎ᠡ ᠪᠠᠨ ᠬᠢᠴᠢᠶᠡ᠃ | | 13. ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ᠂ ᠬᠠᠯᠠᠭᠤᠨ ᠵᠠᠭᠤᠷ᠎ᠠ ᠪᠠᠨ ᠡᠪ ᠨᠠᠶᠢᠷ ᠢ | ᠬᠢᠴᠢᠶᠡᠵᠦ ᠶᠠᠪᠤ᠃ ᠡᠪ ᠨᠠᠶᠢᠷᠠᠮᠳᠠᠯ ᠠᠴᠠ ᠢᠯᠡᠭᠦᠦ ᠶᠡᠭᠡ ᠬᠦᠴᠦ ᠭᠡᠵᠤ ᠡᠨᠡ ᠳᠡᠯᠡᠬᠡᠢ ᠳᠤ ᠦᠭᠡᠢ᠃ | | 14. ᠠᠯᠲᠠᠨ ᠪᠡᠶ᠎ᠡ ᠠᠮᠤᠰᠬᠢᠪᠠᠰᠦ ᠠᠬᠤᠢ ᠲᠥᠷᠥ ᠮᠢᠨᠢ ᠠᠯᠳᠠᠷᠠᠭᠤᠵᠠᠢ᠃ ᠪᠦᠲᠦᠨ ᠪᠡᠶ᠎ᠡ ᠠᠮᠤᠰᠬᠢᠪᠠᠰᠦ | ᠪᠦᠷᠢᠨ ᠤᠯᠤᠰ ᠮᠢᠨᠢ ᠰᠠᠨᠳᠠᠷᠠᠭᠤᠵᠠᠢ᠃ ᠠᠯᠲᠠᠨ ᠪᠡᠶ᠎ᠡ ᠠᠯᠵᠢᠶᠠᠪᠠᠯ ᠠᠯᠵᠢᠶᠠᠲᠤᠭᠠᠢ᠂ ᠠᠬᠤᠢ ᠲᠥᠷᠥ ᠮᠢᠨᠢ ᠪᠦᠦ | ᠠᠯᠳᠠᠷᠠᠲᠤᠭᠠᠢ᠃ ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠃ ᠪᠦᠷᠢᠨ ᠤᠯᠤᠰ ᠮᠢᠨᠢ ᠪᠦᠦ ᠰᠠᠨᠳᠤᠷᠲᠤᠭᠠᠢ᠃ | |