15. ᠪᠡᠶ᠎ᠡ ᠪᠠᠭᠠᠲᠤᠷ ᠪᠣᠯᠪᠠᠰᠤ ᠨᠢᠭᠡᠨ ᠦᠶ᠎ᠡ ᠶᠢᠨ ᠪᠠᠭᠠᠲᠤᠷ ᠪᠤᠶᠤ᠃ ᠪᠢᠯᠢᠭ ᠪᠠᠭᠠᠲᠤᠷ ᠪᠣᠯᠪᠠᠰᠤ ᠲᠦᠮᠡᠨ | ᠦᠶ᠎ᠡ ᠶᠢᠨ ᠪᠠᠭᠠᠲᠤᠷ ᠪᠤᠶᠤ᠃ | | 16. ᠤᠯᠤᠰ ᠤᠨ ᠡᠵᠡᠨ ᠨᠢ ᠵᠥᠭᠡᠯᠡᠨ ᠬᠠᠮᠠᠭᠤᠨ ᠳᠤ ᠠᠪᠲᠠᠵᠤ᠂ ᠵᠢᠷᠭᠠᠯ ᠴᠡᠩᠭᠡᠯ ᠳᠤ ᠰᠢᠨᠤᠵᠤ᠂ | ᠪᠢᠴᠢᠭ ᠤᠨ ᠲᠦᠰᠢᠮᠡᠳ ᠤᠨ ᠬᠤᠭᠤᠰᠤᠨ ᠬᠤᠩᠰᠢᠶᠠᠷ ᠤᠨ ᠴᠢᠮᠡᠭᠯᠡᠬᠦ ᠦᠭᠡᠨ ᠳᠤ ᠬᠠᠭᠤᠷᠳᠠᠨ ᠰᠠᠭᠤᠪᠠᠯ ᠁ | ᠦᠲᠡᠯ᠎ᠡ ᠨᠢᠭᠡ ᠮᠤᠩᠬᠠᠭ ᠪᠣᠯᠣᠨ᠎ᠠ᠃ | | 17. ᠡᠮᠡᠭᠡᠯ ᠶᠡᠬᠡᠳᠪᠡᠯ ᠳᠤᠬᠤᠭᠰᠠᠨ ᠮᠣᠷᠢᠨ ᠳᠤ ᠵᠣᠪᠠᠯᠠᠩ ᠪᠣᠯᠣᠨ᠎ᠠ᠃ ᠶᠠᠩᠵᠤ ᠶᠡᠬᠡᠳᠪᠡᠯ ᠤᠯᠤᠰ ᠤᠨ | ᠳᠣᠲᠣᠷ᠎ᠠ ᠵᠦᠳᠡᠭᠦᠷᠢ ᠪᠣᠯᠣᠨ᠎ᠠ᠃ ᠡᠷᠬᠢᠮ ᠶᠡᠬᠡᠳᠪᠡᠯ ᠬᠥᠮᠥᠨ ᠤ ᠰᠡᠳᠬᠢᠯ ᠣᠰᠣᠯᠳᠠᠬᠤ ᠪᠣᠯᠣᠨ᠎ᠠ᠃ ᠡᠶᠢᠮᠦ ᠠᠴᠠ | ᠬᠤᠭᠤᠰᠤᠨ ᠰᠦᠷ᠂ ᠢᠯᠡᠭᠦᠦ ᠶᠠᠩᠵᠤ ᠮᠠᠶ᠋ᠢᠭ ᠶᠣᠰᠣᠯᠠᠯ ᠤᠨ ᠬᠡᠷᠡᠭ ᠭᠡᠵᠤ ᠦᠭᠡᠢ᠃ | | 18. ᠬᠡᠲᠦᠷᠬᠡᠢ ᠶᠡᠭᠡ ᠶᠣᠰᠣᠯᠠᠯ ᠡᠭᠡᠯ ᠠᠷᠠᠳ ᠣᠯᠠᠨ ᠳᠤ ᠴᠢᠷᠦᠭᠳᠡᠯ ᠤᠴᠠᠷᠠᠭᠤᠯᠵᠤ᠂ ᠳᠡᠪᠡᠯ ᠭᠤᠶᠣᠯᠠᠯ | ᠶᠡᠬᠡᠳᠪᠡᠯ ᠡᠮᠦᠰᠦᠭᠰᠡᠨ ᠬᠥᠮᠥᠨ ᠳᠤ ᠢᠯᠡᠭᠦᠦ ᠠᠴᠢᠶ᠎ᠠ ᠪᠣᠯᠬᠤ ᠲᠠᠢ ᠠᠳᠠᠯᠢ ᠪᠤᠰᠤ ᠦᠦ᠃ | | 19. ᠲᠥᠷᠥ ᠶᠢᠨ ᠬᠡᠷᠡᠭ ᠲᠤ ᠁ ᠬᠤᠭᠤᠰᠤᠨ ᠬᠤᠳᠠᠯ ᠶᠣᠰᠣ ᠳᠦᠷᠢᠮ ᠬᠡᠲᠦᠷᠡᠭᠰᠡᠨ ᠠᠴᠠ ᠠᠷᠠᠳ | ᠢᠷᠭᠡᠳ ᠨᠢ ᠡᠵᠡᠨ ᠳᠡᠭᠡᠳᠦᠰ ᠯᠦᠭᠡ ᠨᠡᠪᠲᠡᠷᠡᠵᠦ ᠴᠢᠳᠠᠬᠤ ᠦᠭᠡᠢ ᠪᠣᠯᠵᠤ ᠵᠠᠯᠢᠬᠠᠢ ᠰᠠᠶᠢᠳ ᠲᠦᠰᠢᠮᠡᠳ ᠨᠠᠷ | ᠵᠠᠪᠰᠠᠷ ᠲᠤᠨᠢ ᠵᠠᠪᠰᠢᠵᠤ᠂ ᠲᠥᠷᠥ ᠤᠯᠤᠰ ᠢ ᠪᠣᠰᠨᠢᠭᠤᠯᠤᠨᠠ᠃ | | 20. ᠵᠢᠳᠬᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠥᠬᠦᠶᠢᠬᠦ ᠬᠡᠷᠡᠭ | ᠦᠭᠡᠢ᠃ |