28. ᠡᠨᠡ ᠲᠢᠪ ᠤᠨ ᠡᠯᠳᠡᠪ ᠣᠯᠠᠨ ᠬᠠᠭᠠᠳ ᠤᠨ ᠥᠪᠡᠷᠰᠡᠳ ᠢ ᠪᠠᠨ ᠮᠠᠭᠲᠠᠨ ᠭᠠᠶᠢᠬᠠᠭᠤᠯᠤᠭᠰᠠᠨ | ᠡᠷᠭᠦᠮᠵᠢᠯᠡᠯ ᠰᠠᠶᠢᠷᠬᠠᠭᠰᠠᠨ ᠡᠯᠳᠡᠪ ᠨᠡᠷ᠎ᠡ ᠴᠣᠯᠠ ᠶᠢ ᠮᠢᠨᠤ ᠬᠤᠶᠢᠴᠢ ᠦᠶ᠎ᠡ ᠪᠦᠦ ᠬᠡᠷᠡᠭᠯᠡ᠃ ᠶᠡᠷᠦ ᠨᠢ | ᠥᠪᠡᠷ ᠢ ᠪᠠᠨ ᠮᠠᠭᠲᠠᠬᠤ ᠴᠦ ᠮᠠᠭᠲᠠᠭᠤᠯᠬᠤ ᠴᠦ ᠠᠯᠢ ᠠᠯᠢ ᠨᠢ ᠬᠡᠷᠡᠭ ᠦᠭᠡᠢ᠃ ᠥᠪᠡᠷ ᠤᠨ ᠢᠶᠠᠨ ᠨᠡᠷ᠎ᠡ ᠳᠡᠭᠡᠷ᠎ᠡ | ᠭᠠᠭᠴᠠ ︽ᠬᠠᠭᠠᠨ︾ ᠭᠡᠳᠡᠭ ᠡᠷᠬᠢᠮ ᠨᠡᠷ᠎ᠡ ᠨᠡᠮᠡᠭᠡᠳ ᠭᠦᠢᠴᠡᠪᠡᠯ ᠰᠠᠶᠢᠨ᠂ ᠶᠡᠭᠡ ᠮᠠᠭᠲᠠᠭᠤᠯᠪᠠᠰᠤ ᠶᠡᠭᠡ ᠲᠡᠨᠡᠭ | ᠪᠣᠯᠣᠨ᠎ᠠ᠃ | | | 29. ᠠᠯᠢᠪᠠ ᠬᠥᠮᠥᠨ ᠤ ᠥᠭᠭᠦᠭᠰᠡᠨ᠂ ᠲᠤᠰᠠ ᠬᠦᠷᠭᠡᠭᠰᠡᠨ ᠠᠴᠢ ᠶᠢ ᠬᠠᠷᠠᠩᠭᠤᠢ ᠰᠥᠨᠢ ᠪᠠᠶᠢᠪᠠᠴᠤ | ᠵᠡᠭᠦᠳᠦᠨ ᠳᠡᠭᠡᠨ ᠰᠠᠨᠠᠵᠤ᠂ ᠭᠡᠭᠡᠨ ᠡᠳᠦᠷ ᠴᠡᠭᠡᠵᠢᠨ ᠳᠡᠭᠡᠨ ᠪᠣᠳᠣᠵᠤ ᠶᠠᠪᠤᠭᠳᠤᠨ᠃ | | 30 ᠠᠯᠢᠪᠠ ᠶᠠᠭᠤᠮ᠎ᠠ ᠶᠢ ᠰᠤᠷᠤᠶ᠎ᠠ᠂ ᠮᠡᠳᠡᠶ᠎ᠡ ᠭᠡᠪᠡᠯ ᠵᠣᠷᠢᠵᠤ ᠶᠠᠪᠤᠭ᠎ᠠ ᠬᠥᠮᠥᠨ ᠢ ᠪᠦᠦ ᠰᠠᠭᠠᠳᠠᠭᠤᠯᠠ᠂ | ᠪᠦᠦ ᠪᠤᠴᠠᠭ᠎ᠠ᠃ | | 31. ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠥᠬᠦᠷ ᠪᠠᠶᠢᠳᠠᠭ ᠦᠭᠡᠢ᠃ ᠮᠤᠩᠬᠠᠭ ᠬᠢᠯᠢᠩ ᠠᠴᠠ | ᠢᠯᠡᠭᠦᠦ ᠮᠠᠭᠤ ᠳᠠᠶᠢᠰᠤᠨ ᠪᠠᠶᠢᠳᠠᠭ ᠦᠭᠡᠢ᠃ | | 32. ᠡᠨᠡ ᠪᠡᠶ᠎ᠡ ᠬᠡᠪᠡᠷᠡᠭ ᠪᠣᠯᠪᠠᠴᠤ ᠡᠷᠬᠢᠮ ᠨᠡᠷ᠎ᠡ ᠮᠥᠩᠬᠡ ᠰᠢᠦ᠃ | | 33. ᠡᠷᠬᠢᠮ ᠢᠲᠡᠭᠡᠯ ᠣᠯᠠᠨ ᠪᠠᠶᠢᠪᠠᠴᠤ ᠡᠨᠡ ᠪᠡᠶ᠎ᠡ ᠪᠦᠬᠦᠨ ᠠᠴᠠ ᠢᠲᠡᠭᠡᠯᠲᠡᠢ᠃ | | 34. ᠬᠠᠶᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶᠢ ᠬᠠᠮᠤᠭ ᠠᠴᠠ ᠬᠠᠶᠢᠷᠠᠯᠠ᠃ | | 35. ᠬᠠᠲᠠᠭᠤᠵᠢᠵᠤ ᠶᠠᠪᠤᠪᠠᠯ ᠬᠠᠮᠤᠭ ᠠᠴᠠ ᠲᠤᠰᠠᠲᠠᠢ᠂ ᠠᠷᠢᠭᠤᠨ ᠶᠠᠪᠤᠳᠠᠯ ᠠᠰᠢᠳᠠ ᠲᠤᠰᠠᠲᠠᠢ᠃ |