45. ᠬᠠᠭᠠᠨ ᠡᠵᠡᠨ᠂ ᠠᠨᠳᠠ ᠨᠥᠬᠦᠷ ᠲᠡᠭᠡᠨ ᠬᠠᠯᠳᠠᠭᠰᠠᠨ ᠪᠣᠯ ᠬᠡᠨ ᠴᠦ ᠪᠠᠶᠢᠭᠰᠠᠨ ᠲᠡᠭᠦᠨ ᠳᠤ ᠪᠢᠲᠡᠭᠡᠢ | ᠢᠲᠡᠭᠡ᠃ | | 46. ᠬᠠᠭᠠᠨ ᠡᠵᠡᠨ᠂ ᠵᠠᠬᠢᠷᠬᠤ ᠠᠬᠠᠯᠠᠬᠤ ᠬᠥᠮᠥᠨ᠂ ᠠᠷᠠᠳ ᠤᠨ ᠢᠨᠢᠶᠡᠳᠦᠮ᠂ ᠠᠮᠢᠲᠠᠨ ᠤ ᠲᠣᠭᠯᠠᠭᠠᠮ | ᠪᠣᠯᠬᠤ ᠦᠭᠡᠢ ᠪᠠᠷ ᠶᠠᠪᠤᠬᠤ ᠶᠣᠰᠣᠲᠠᠢ ᠪᠤᠰᠤ ᠦᠦ᠃ | | 47. ᠭᠠᠪᠢᠶᠠᠲᠠᠢ ᠬᠥᠮᠥᠨ ᠢ ᠲᠤᠬᠠᠢ ᠶᠢᠨ ᠴᠠᠭ ᠲᠤᠨᠢ ᠡᠰᠡ ᠰᠣᠶᠣᠷᠬᠠᠪᠠᠰᠤ ᠰᠡᠳᠬᠢᠯ ᠨᠢ ᠠᠯᠭᠤᠷᠯᠠᠨ᠎ᠠ ᠁ | ᠬᠡᠷᠡᠭᠲᠡᠨ ᠢ ᠮᠥᠨ ᠴᠠᠭ ᠲᠤᠨᠢ ᠡᠰᠡ ᠰᠢᠢᠳᠬᠡᠪᠡᠰᠦ ᠬᠤᠵᠢᠮ ᠬᠤᠣᠷ ᠨᠢ ᠭᠠᠷᠤᠨ᠎ᠠ᠃ ᠬᠤᠶᠠᠷ ᠬᠦᠷᠳᠦ ᠲᠠᠢ | ᠲᠡᠷᠭᠡ ᠶᠢᠨ ᠨᠢᠭᠡ ᠡᠪᠳᠡᠷᠡᠪᠡᠯ ᠬᠤᠯᠠ ᠪᠠᠶᠢᠲᠤᠭᠠᠢ ᠣᠶᠢᠷ᠎ᠠ ᠴᠦ ᠶᠠᠪᠤᠵᠤ ᠴᠢᠳᠠᠬᠤ ᠦᠭᠡᠢ᠃ | | 48. ᠮᠢᠨᠤ ᠬᠤᠶᠢᠴᠢ ᠶᠢ ᠵᠠᠯᠭᠠᠮᠵᠢᠯᠠᠭᠴᠢᠳ ᠮᠢᠨᠤ ᠵᠠᠷᠯᠢᠭ ᠢ ᠥᠭᠡᠷᠡᠴᠢᠯᠡᠬᠦ ᠦᠭᠡᠢ᠂ ᠣᠰᠣᠯᠳᠠᠬᠤ ᠦᠭᠡᠢ᠂ | ᠠᠯᠳᠠᠬᠤ ᠦᠭᠡᠢ᠂ ᠪᠠᠲᠤᠲᠠᠢ ᠪᠠᠷᠢᠮᠲᠠᠯᠠᠵᠤ ᠶᠠᠪᠤᠲᠤᠭᠠᠢ᠃ | | 49. ᠥᠷᠯᠥᠭᠡ ᠬᠡᠯᠡᠭᠰᠡᠨ ᠢᠶᠠᠨ ᠦᠳᠡᠰᠢ ᠨᠢ ᠨᠢᠴᠤᠭᠠᠵᠤ᠂ ᠦᠳᠡᠰᠢ ᠬᠡᠯᠡᠭᠰᠡᠨ ᠢᠶᠠᠨ ᠥᠷᠯᠥᠭᠡ ᠨᠢ | ᠪᠤᠴᠠᠭᠠᠵᠤ ᠶᠠᠪᠤᠪᠠᠯ ᠢᠴᠢᠭᠦᠷᠢᠲᠡᠢ ᠪᠤᠰᠤ ᠦᠦ᠂ ᠤᠷᠢᠳᠤ ᠬᠡᠯᠡᠭᠰᠡᠨ ᠳᠡᠭᠡᠨ ᠬᠦᠷᠴᠦ᠂ ᠤᠭ ᠰᠠᠨᠠᠯ ᠢᠶᠠᠨ ᠪᠠᠷᠢᠵᠤ | ᠶᠠᠪᠤ᠃ | | 50. ᠡᠪᠦᠭᠡᠳ ᠤᠨ ᠠᠷᠤ ᠠᠴᠠ ᠣᠴᠢᠬᠤ ᠦᠭᠡᠢ ᠶᠤᠮ ᠰᠢᠭ᠋᠂ ᠦᠬᠦᠯ ᠥᠪᠡᠷ ᠢ ᠴᠢᠨᠢ ᠲᠣᠭᠤᠷᠢᠬᠤ ᠶᠤᠮ | ᠰᠢᠭ᠋ ᠪᠣᠭᠤᠨᠢ ᠪᠢᠲᠡᠭᠡᠢ ᠪᠣᠳᠣ᠃ | | 51. ᠥᠨᠢ ᠨᠥᠬᠦᠷᠯᠡᠭᠰᠡᠨ ᠬᠥᠮᠥᠰ ᠥᠭᠡᠷ᠎ᠡ ᠰᠠᠨᠠᠭ᠎ᠠ ᠠᠭᠤᠯᠤᠯ ᠦᠭᠡᠢ ᠬᠠᠮᠲᠤ ᠨᠢᠭᠡᠨ ᠰᠡᠳᠬᠢᠯ ᠢᠶᠠᠷ | ᠬᠠᠷᠢᠯᠴᠠᠨ ᠨᠠᠶᠢᠷᠠᠮᠳᠠᠵᠤ᠂ ᠤᠮᠠᠷᠲᠠᠭᠰᠠᠨ ᠢᠶᠠᠨ ᠰᠠᠨᠠᠭᠤᠯᠵᠤ᠂ ᠤᠨᠲᠠᠭᠰᠠᠨ ᠢᠶᠠᠨ ᠰᠡᠷᠢᠭᠡᠵᠤ ᠶᠠᠪᠤ᠃ | | 52. ᠤᠰᠤᠨ ᠤ ᠤᠷᠲᠤ ᠶᠢ ᠲᠤᠭᠤᠯᠵᠤ᠂ ᠭᠠᠵᠠᠷ ᠤᠨ ᠬᠤᠯᠠ ᠳᠤ ᠬᠦᠷᠬᠦ ᠳᠡᠭᠡᠨ ᠤᠨᠤᠭ᠎ᠠ ᠮᠣᠷᠢ ᠪᠠᠨ | ᠮᠠᠭᠤᠲᠠᠭᠠᠪᠠᠯ ᠠᠮᠠ ᠪᠠᠨ ᠪᠠᠷᠢᠪᠠᠴᠤ ᠬᠤᠵᠢᠮᠳᠠᠨᠠ᠃ ᠠᠶᠠᠭᠠᠨ ᠤ ᠬᠦᠨᠡᠰᠦ ᠪᠠᠨ ᠪᠠᠷᠠᠪᠠᠯ ᠠᠷᠪᠢᠯᠠᠵᠤ ᠶᠠᠳᠠᠪᠠᠴᠤ | ᠣᠷᠣᠶᠢᠲᠠᠨᠠ᠃ | | 53. ᠬᠠᠨᠢᠯᠠᠵᠤ ᠶᠠᠪᠤᠭᠰᠠᠨ ᠢ ᠪᠠᠨ ᠣᠷᠭᠢᠭᠰᠠᠨ ᠬᠥᠮᠥᠨ ᠴᠢᠮ᠎ᠠ ᠤᠷᠤᠭᠤ ᠢᠷᠠᠪᠠᠯ ᠪᠢᠲᠡᠭᠡᠢ ᠢᠲᠡᠭᠡ᠃ | ᠲᠡᠷᠡ ᠴᠢᠮᠠᠶᠢ ᠮᠦᠳᠭᠡᠨ ᠪᠠᠰᠠ ᠣᠷᠭᠢᠬᠤ ᠪᠤᠰᠤ ᠦᠦ᠃ | | 54. ᠡᠪ ᠨᠠᠶᠢᠷ ᠦᠭᠡᠢ ᠬᠥᠮᠥᠨ᠂ ᠬᠡᠨ ᠴᠦ ᠪᠠᠶᠢᠭᠰᠠᠨ ᠡᠴᠦᠰ ᠲᠤ ᠭᠠᠭᠴᠠᠭᠠᠷ ᠦᠯᠡᠳᠡᠨ᠎ᠡ᠃ | | 55. ᠬᠤᠣᠷᠲᠤ ᠮᠣᠭᠠᠢ ᠶᠢᠨ ᠬᠡᠯᠡ ᠬᠤᠭᠤᠷᠣᠨᠳᠤᠭᠤᠷ ᠴᠢᠨᠢ ᠬᠤᠳᠬᠤᠵᠤ᠂ ᠬᠤᠪ ᠵᠢᠪ ᠬᠠᠪᠴᠢᠭᠤᠯᠪᠠᠯ | ᠬᠤᠯᠠᠳᠠᠵᠤ ᠰᠠᠯᠤᠮ ᠦᠭᠡᠢ ᠬᠠᠷᠢᠨ ᠬᠤᠶᠠᠷ ᠨᠢᠷᠤᠭᠤᠨ ᠳᠠᠭᠠᠨ ᠤᠴᠠᠷᠠᠨ ᠬᠤᠣᠷ ᠬᠥᠨᠥᠭᠡᠯ ᠢ ᠲᠠᠰᠤᠯᠵᠤ ᠪᠤᠢ᠃ | ᠠᠲᠠᠭᠠᠲᠤ ᠮᠣᠭᠠᠢ ᠶᠢᠨ ᠰᠢᠳᠦ᠂ ᠠᠮᠠᠷᠠᠭ ᠤᠨ ᠬᠤᠭᠤᠷᠣᠨᠳᠤ ᠣᠷᠣᠪᠠᠯ ᠠᠲᠠᠭ᠎ᠠ ᠰᠡᠳᠬᠢᠯ ᠲᠥᠷᠦᠯᠭᠦᠢ᠂ ᠠᠮᠠ | ᠬᠡᠯᠡ ᠪᠠᠷ ᠢᠶᠠᠨ ᠬᠠᠷᠢᠯᠴᠠᠵᠤ᠂ ᠠᠯᠢᠪᠠ ᠤᠴᠢᠷ ᠢ ᠣᠯᠵᠤ ᠪᠠᠢ᠃ |