67. ᠠᠷᠠᠳ ᠬᠥᠮᠥᠨ ᠠᠷᠢᠬᠢᠨ ᠳᠤ ᠳᠤᠷᠠᠯᠠᠪᠠᠯ ᠡᠳ᠋ ᠢᠶᠠᠨ ᠪᠠᠷᠠᠨ᠎ᠠ᠃ ᠴᠡᠷᠢᠭ ᠬᠥᠮᠥᠨ ᠠᠷᠢᠬᠢᠨ ᠳᠤ | ᠳᠤᠷᠠᠯᠠᠪᠠᠯ ᠲᠢᠭ ᠢᠶᠠᠨ ᠠᠯᠳᠠᠨ᠎ᠠ᠃ ᠨᠣᠶᠠᠳ ᠠᠷᠢᠬᠢᠨ ᠳᠤ ᠳᠤᠷᠠᠯᠠᠪᠠᠯ ᠠᠯᠢᠪᠠ ᠴᠡᠭᠴᠡ ᠠᠯᠳᠠᠷᠠᠨ᠎ᠠ᠃ ᠡᠵᠡᠨ | ᠳᠡᠭᠡᠳᠦᠰ ᠠᠷᠢᠬᠢᠨ ᠳᠤ ᠳᠤᠷᠠᠯᠠᠪᠠᠯ ᠡᠬᠢᠯᠡᠭᠡᠳ ᠨᠡᠷ᠎ᠡ ᠪᠠᠨ ᠳᠠᠷᠠᠭ᠎ᠠ ᠨᠢ ᠲᠥᠷᠥ ᠪᠠᠨ ᠠᠯᠳᠠᠨ᠎ᠠ᠃ ᠠᠷᠢᠬᠢᠨ ᠳᠤ | ᠪᠦᠦ ᠰᠢᠨᠤ᠃ | | 68. ᠠᠯᠢᠪᠠ ᠬᠥᠮᠥᠨ ᠢ ᠲᠥᠷᠥᠯᠬᠢ ᠶᠢᠨ ᠴᠢᠨᠠᠷ ᠢᠶᠠᠨ ᠠᠯᠳᠠᠭᠤᠯᠬᠤ ᠳᠤ᠂ ᠠᠷᠢᠬᠢ ᠬᠥᠮᠥᠨ ᠤ ᠳᠡᠭᠡᠷ᠎ᠡ | ᠳᠣᠣᠷ᠎ᠠ ᠰᠠᠶᠢᠨ ᠮᠠᠭᠤ ᠭᠡᠵᠤ ᠢᠯᠭᠠᠬᠤ ᠦᠭᠡᠢ᠃ | | 69. ᠥᠪᠡᠷ ᠤᠨ ᠪᠡᠶ᠎ᠡ ᠪᠠᠨ ᠶᠠᠮᠠᠷ ᠵᠡᠷᠭᠡ ᠶᠢᠨ ᠬᠥᠮᠥᠨ ᠭᠡᠳᠡᠭ ᠢᠶᠠᠨ ᠮᠡᠳᠡᠪᠡᠯ ᠳᠠᠷᠤᠢ ᠪᠤᠰᠤᠳ ᠬᠥᠮᠥᠨ ᠢ | ᠮᠡᠳᠡᠵᠦ ᠴᠢᠳᠠᠨ᠎ᠠ᠃ | | 70. ᠨᠢᠭᠡᠨ ᠰᠠᠶᠢᠨ ᠦᠭᠡ ᠶᠢ ᠰᠣᠨᠣᠰᠪᠠᠯ ᠲᠡᠷᠡ ᠦᠭᠡ ᠪᠠᠷ ᠶᠠᠷᠢ᠃ ᠰᠠᠶᠢᠨ ᠦᠭᠡ ᠪᠤᠰᠤ ᠪᠣᠯ ᠪᠢᠲᠡᠭᠡᠢ | ᠲᠡᠷᠡ ᠦᠭᠡ ᠪᠠᠷ ᠶᠠᠪᠤ᠃ | | 71. ᠬᠠᠲᠤᠭᠲᠠᠢ ᠬᠥᠮᠥᠨ ᠳᠤ ᠭᠤᠷᠪᠠᠨ ᠡᠷ᠎ᠡ ᠪᠤᠢ᠃ ᠠᠩᠬᠠᠨ ᠤ ᠡᠷ᠎ᠡ ᠨᠢ ᠠᠯᠲᠠᠨ ᠲᠥᠷᠥ᠂ ᠳᠠᠷᠠᠭᠠᠬᠢ | ᠨᠡᠷ᠎ᠡ ᠨᠢ ᠠᠷᠢᠭᠤᠨ ᠨᠡᠷ᠎ᠡ᠂ ᠳᠠᠷᠠᠭᠠᠬᠢ ᠡᠷ᠎ᠡ ᠨᠢ ᠠᠪᠤᠭᠰᠠᠨ ᠡᠷ᠎ᠡ ᠪᠤᠯᠠᠢ᠃ ᠠᠯᠲᠠᠨ ᠲᠥᠷᠥ ᠶᠢ ᠬᠠᠲᠠᠭᠤᠵᠢᠨ | ᠳᠠᠭᠠᠪᠠᠯ ᠠᠷᠢᠭᠤᠨ ᠨᠡᠷ᠎ᠡ ᠪᠡᠯᠡᠨ ᠪᠣᠯᠣᠨ᠎ᠠ᠃ ᠠᠷᠢᠭᠤᠨ ᠨᠡᠷ᠎ᠡ ᠶᠢ ᠪᠠᠬᠢᠯᠡᠪᠡᠰᠦ ᠠᠪᠤᠭᠰᠠᠨ ᠡᠷ᠎ᠡ ᠨᠢ ᠠᠩᠭᠢᠳᠠ | ᠥᠯᠥ ᠣᠳᠣᠨ᠎ᠠ᠃ | | 72. ᠡᠬᠡ ᠶᠢ ᠪᠠᠨ ᠬᠢᠯᠢᠩᠨᠡᠬᠦ ᠳᠤ ᠠᠶᠤᠬᠤ ᠶᠢᠨ ᠶᠡᠭᠡ ᠪᠠᠷ ᠠᠶᠤᠬᠤ᠂ ᠢᠴᠢᠬᠦ ᠶᠢᠨ ᠶᠡᠭᠡ ᠪᠠᠷ ᠢᠴᠢ᠃ | ᠡᠬᠡ ᠠᠴᠠ ᠪᠠᠨ ᠠᠶᠤᠬᠤ ᠨᠢ ᠪᠤᠷᠬᠠᠨ ᠠᠴᠠ ᠠᠶᠤᠬᠤ ᠲᠠᠢ ᠠᠳᠠᠯᠢ ᠪᠤᠰᠤ ᠦᠦ᠃ | | 73. ᠬᠠᠨᠢᠯᠠᠵᠤ ᠶᠠᠪᠤᠬᠤ ᠶᠢᠨ ᠴᠠᠭ ᠲᠤ ᠬᠠᠷ᠎ᠠ ᠪᠢᠷᠠᠭᠤ ᠰᠢᠭ᠋ ᠨᠣᠮᠣᠬᠠᠨ᠂ ᠨᠠᠭᠠᠳᠴᠤ ᠶᠠᠪᠤᠬᠤ ᠶᠢᠨ | ᠴᠠᠭ ᠲᠤ ᠨᠠᠮᠤᠷ ᠤᠨ ᠤᠨᠠᠭ᠎ᠠ ᠰᠢᠭ᠋ ᠨᠣᠮᠣᠬᠠᠨ ᠪᠠᠶᠢᠬᠤ᠃ | | 74. ᠬᠥᠮᠥᠨ ᠢ ᠬᠠᠶᠢᠷᠠᠯᠠᠳᠠᠭ ᠦᠭᠡᠢ ᠬᠥᠮᠥᠨ ᠪᠣᠯ ᠥᠭᠡᠷ᠎ᠡ ᠶᠠᠭᠤ ᠶᠢ ᠴᠦ ᠬᠠᠶᠢᠷᠠᠯᠠᠬᠤ ᠰᠡᠳᠬᠢᠯ ᠪᠠᠶᠢᠬᠤ | ᠦᠭᠡᠢ᠃ | | 75. ᠠᠷᠢᠬᠢᠨ ᠳᠤ ᠳᠤᠷᠠᠲᠠᠢ ᠬᠥᠮᠥᠨ ᠠᠮᠠᠷᠬᠠᠨ ᠮᠤᠩᠬᠠᠷᠠᠵᠤ᠂ ᠰᠣᠬᠤᠷ ᠳᠦᠯᠢ ᠮᠡᠲᠦ ᠪᠣᠯᠣᠭᠠᠳ ᠬᠠᠮᠤᠭ | ᠬᠡᠷᠡᠭ ᠶᠠᠪᠤᠳᠠᠯ ᠨᠢ ᠠᠯᠭᠤᠷᠯᠠᠨ ᠠᠯᠳᠠᠭᠳᠠᠨ᠎ᠠ᠃ | | 76. ᠠᠯᠢᠪᠠ ᠬᠥᠮᠥᠰ ᠠᠪᠴᠤ ᠴᠢᠳᠠᠳᠠᠭ ᠰᠢᠭ᠋ ᠢᠶᠠᠨ ᠥᠭᠴᠦ ᠴᠢᠳᠠᠳᠠᠭ ᠪᠣᠯᠪᠠᠯ ᠰᠠᠶᠢᠨ᠂ ᠤᠷᠢᠳᠤ ᠠᠴᠠ | ᠬᠢᠭᠰᠡᠨ ᠪᠤᠷᠤᠭᠤ ᠠᠴᠠ ᠪᠠᠨ ᠬᠤᠣᠷ ᠢᠳᠡᠭᠰᠡᠨ ᠮᠡᠲᠦ ᠬᠠᠰᠢᠷ᠂ ᠤᠬᠠᠭᠠᠨ ᠦᠭᠡᠢ ᠮᠠᠭᠤ ᠬᠥᠮᠥᠨ ᠠᠴᠠ ᠮᠣᠭᠠᠢ | ᠬᠠᠷᠠᠭᠰᠠᠨ ᠮᠡᠲᠦ ᠵᠢᠭᠤᠲᠠ᠃ | | 77. ᠭᠠᠯ ᠳᠤ ᠬᠢᠲᠤᠭ᠎ᠠ ᠲᠥᠷᠥᠪᠡᠰᠦ᠂ ᠲᠣᠭᠤᠭᠠᠨ ᠳᠣᠲᠣᠷ᠎ᠠ ᠠᠴᠠ ᠬᠢᠲᠤᠭ᠎ᠠ ᠪᠠᠷ ᠮᠢᠬ᠎ᠠ ᠱᠣᠷᠤᠯᠵᠤ | ᠠᠪᠤᠪᠠᠰᠤ᠂ ᠭᠠᠯ ᠤᠨ ᠳᠡᠷᠭᠡᠳᠡ ᠰᠦᠬᠡ ᠪᠠᠷ ᠬᠠᠭᠠᠯᠪᠠᠰᠤ᠂ ᠭᠠᠵᠠᠷ ᠲᠤ ᠰᠦ ᠴᠠᠭᠠᠨ ᠢᠳᠡᠭᠡ ᠶᠢ ᠶᠡᠭᠡ ᠠᠰᠬᠠᠪᠠᠰᠤ | ᠁ ᠮᠣᠷᠢ ᠦᠬᠡᠷ ᠢᠶᠠᠷ ᠲᠣᠷᠭᠠᠬᠤ ᠠᠴᠠ ᠡᠬᠢᠯᠡᠭᠡᠳ ᠬᠦᠨᠳᠦᠲᠡᠢ ᠰᠢᠯᠲᠠᠭᠠᠨ ᠪᠠᠶᠢᠬᠤ ᠠᠪᠠᠰᠤ ᠴᠠᠭᠠᠵᠠ ᠪᠠᠷ | ᠠᠪᠠᠴᠢᠵᠤ ᠪᠣᠯᠬᠤ᠃ |