乌海市人民政府蒙古文网 office365怎么登陆_365视频直播_365bet网址是多少

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠴᠢᠩᠭᠢᠰ ᠤᠨ ᠪᠢᠯᠢᠭ ᠰᠣᠷᠭᠠᠯ ᠤᠳ  ︵ᠨᠠᠢᠮᠠ︶
        ᠨᠡᠶᠢᠲᠡᠯᠡᠭᠰᠡᠨ ᠴᠠᠭ᠄
        2022/9/12
             56. ᠥᠪᠡᠷ ᠤᠨ ᠢᠶᠠᠨ ᠰᠠᠶᠢᠨ ᠢᠶᠠᠷ ᠥᠭᠡᠳᠡ ᠪᠠᠨ ᠭᠠᠷᠤᠯ᠎ᠠ ᠭᠡᠵᠤ᠂ ᠡᠷᠡᠮᠡᠬᠡᠢ ᠰᠠᠶᠢᠨ ᠢᠶᠠᠷ ᠡᠵᠡᠨ ᠪᠣᠯᠣᠯ᠎ᠠ ᠭᠡᠵᠤ᠂ ᠬᠠᠮᠤᠭ ᠠᠴᠠ ᠰᠠᠶᠢᠨ ᠢᠶᠠᠷ ᠢᠶᠠᠨ ᠬᠠᠭᠠᠨ ᠪᠣᠯᠣᠯ᠎ᠠ ᠭᠡᠵᠤ ᠪᠦᠦ ᠪᠣᠳᠣ᠃        57. ᠠᠨᠳᠠ ᠪᠣᠯᠣᠯᠴᠠᠪᠠᠰᠤ ᠁ ᠠᠮᠢ ᠪᠡᠶ᠎ᠡ ᠳᠡᠭᠡᠨ ᠠᠴᠢ ᠪᠣᠯᠵᠤ᠂ ᠠᠯᠢ ᠠᠯᠢᠨ ᠳᠠᠭᠠᠨ ᠲᠦᠰᠢᠭ ᠪᠣᠯᠵᠤ ᠶᠠᠪᠤ᠃        58. ᠵᠠᠯᠢᠬᠠᠢ ᠬᠠᠷᠭᠢᠰ᠂ ᠡᠰᠡᠪᠡᠯ ᠵᠢᠷᠤᠮ ᠦᠭᠡᠢ ᠪᠣᠯ ᠲᠡᠷᠡ ᠬᠡᠨ ᠴᠦ ᠪᠠᠶᠢᠭᠰᠠᠨ ᠪᠦᠦ ᠬᠦᠨᠳᠦᠯᠡ᠃        59. ᠶᠠᠳᠠᠷᠠᠵᠤ ᠶᠠᠪᠤᠬᠤ ᠳᠤ ᠠᠰᠠᠷᠠᠵᠤ ᠲᠡᠳᠬᠦᠭᠰᠡᠨ᠂ ᠠᠪᠤᠷᠠᠵᠤ ᠥᠰᠬᠡᠭᠰᠡᠨ ᠬᠥᠮᠥᠨ ᠠᠴᠠ ᠶᠠᠭᠤ ᠪᠠᠨ ᠴᠦ ᠪᠢᠲᠡᠭᠡᠢ ᠬᠠᠷᠠᠮᠯᠠ᠂ ᠪᠢᠲᠡᠭᠡᠢ ᠬᠠᠶᠢᠷᠠᠯᠠ᠃        60. ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠬᠦᠨᠳᠦᠯᠡᠵᠦ ᠪᠠᠢ᠃        61. ᠶᠠᠮᠠᠷ ᠬᠥᠮᠥᠨ ᠪᠣᠯᠪᠠᠴᠤ ᠪᠤᠰᠤᠳ ᠤᠨ ᠳᠡᠷᠭᠡᠳᠡ ᠭᠠᠭᠴᠠᠭᠠᠷ ᠢᠶᠠᠨ ᠢᠳᠡᠭᠡ ᠢᠳᠡᠬᠦ ᠬᠡᠷᠡᠭ ᠦᠭᠡᠢ ᠁ ᠢᠳᠡᠪᠡᠯ ᠬᠤᠪᠢᠶᠠᠵᠤ ᠢᠳᠡ᠃        62. ᠭᠠᠭᠴᠠ ᠬᠥᠮᠥᠨ ᠰᠠᠶᠢᠨ ᠢ ᠡᠮᠦᠰᠴᠦ᠂ ᠠᠮᠲᠠᠲᠠᠨ ᠢ ᠢᠳᠡᠵᠦ᠂ ᠰᠠᠶᠢᠨ ᠮᠣᠷᠢ ᠤᠨᠤᠵᠤ᠂ ᠰᠠᠶᠢᠬᠠᠨ ᠬᠡᠦᠬᠡᠨ ᠳᠤ ᠢᠨᠠᠭᠯᠠᠬᠤ ᠶᠢ ᠡᠷᠬᠢᠮᠯᠡᠪᠡᠰᠦ᠂ ᠵᠣᠪᠠᠵᠤ ᠵᠦᠳᠡᠷᠡᠵᠦ ᠪᠠᠶᠢᠭᠤᠯᠤᠭᠰᠠᠨ ᠲᠥᠷᠥ ᠶᠢ ᠰᠤᠯᠠᠷᠠᠭᠤᠯᠤᠨ᠎ᠠ᠃        63. ᠬᠡᠨ ᠤ ᠬᠥᠪᠡᠭᠦᠳ ᠳᠡᠭᠦᠦ ᠨᠠᠷ ᠢ ᠪᠠᠨ ᠰᠤᠷᠭᠠᠨ ᠴᠡᠭᠡᠷᠯᠡᠭᠦᠯᠬᠦ ᠳᠡᠭᠡᠨ ᠤᠯᠤᠰ ᠠᠷᠠᠳ ᠤᠨ ᠢᠶᠠᠨ ᠤᠭ ᠶᠣᠰᠣ ᠶᠢ ᠪᠠᠷᠢᠮᠲᠠᠯᠠᠨ ᠬᠡᠯᠡᠵᠦ ᠪᠦᠦ ᠤᠮᠠᠷᠳᠠᠭᠤᠯᠤᠭᠳᠤᠨ᠃        64. ᠭᠡᠷ ᠤᠨ ᠳᠣᠲᠣᠷᠠᠬᠢ ᠬᠡᠷᠡᠭ ᠢ ᠡᠮᠡᠰ ᠬᠠᠲᠤᠨ ᠪᠠᠭᠴᠠᠯᠠᠨ᠎ᠠ᠃ ᠡᠷ᠎ᠡ ᠨᠢ ᠡᠵᠡᠭᠦᠢ ᠳᠤ ᠵᠣᠴᠢᠨ ᠢᠷᠡᠬᠦ ᠳᠤ ᠢᠳᠡᠭᠡ ᠵᠣᠭᠤᠭ ᠡᠯᠪᠡᠭ ᠪᠠᠷᠢᠪᠠᠰᠤ ᠡᠷ᠎ᠡ ᠶᠢᠨ ᠨᠡᠷ᠎ᠡ ᠰᠠᠶᠢᠨ ᠨᠡᠷ᠎ᠡ ᠭᠠᠷᠤᠨ᠎ᠠ᠃ ᠮᠠᠭᠤ ᠪᠠᠷᠢᠪᠠᠰᠤ ᠪᠠᠰᠠ ᠡᠷ᠎ᠡ ᠶᠢᠨ ᠨᠡᠷ᠎ᠡ ᠮᠠᠭᠤ ᠪᠠᠷ ᠭᠠᠷᠤᠨ᠎ᠠ᠃ ᠡᠮ᠎ᠡ ᠬᠥᠮᠥᠨ ᠤ ᠨᠡᠷ᠎ᠡ ᠭᠠᠷᠬᠤ ᠦᠭᠡᠢ᠃        65. ᠬᠠᠮᠤᠭ ᠠᠴᠠ ᠴᠢᠬᠤᠯᠠ ᠨᠢ ᠢᠷᠭᠡᠨ ᠨᠡᠶᠢᠲᠡ ᠪᠠᠷ ᠡᠪᠲᠡᠢ᠂ ᠨᠠᠶᠢᠷᠠᠮᠳᠠᠯ ᠲᠠᠢ ᠪᠠᠶᠢᠵᠤ ᠬᠥᠭᠰᠢᠳ ᠶᠠᠳᠠᠭᠤᠰ ᠢ ᠥᠷᠥ ᠡᠪᠡᠳᠦᠨ ᠬᠠᠶᠢᠷᠠᠯᠠ᠃        66. ᠵᠠᠯᠠᠭᠤ ᠬᠥᠮᠥᠨ ᠠᠬᠠᠮᠠᠳ ᠬᠥᠮᠥᠨ ᠲᠠᠢ ᠠᠭᠤᠯᠵᠠᠬᠤ ᠳᠠᠭᠠᠨ ᠠᠬᠠᠮᠠᠳ ᠬᠥᠮᠥᠨ ᠦᠭᠡ ᠳᠤᠤᠭᠠᠷᠤᠭ᠎ᠠ ᠦᠭᠡᠢ ᠪᠣᠯ ᠲᠦᠷᠦᠭᠦᠯᠡᠵᠦ ᠪᠦᠦ ᠶᠠᠷᠢ᠃  
         
        ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
         
         
        ᠬᠠᠮᠢᠶ᠎ᠡ ᠪᠦᠬᠦᠢ ᠰᠣᠨᠢᠨ
         
        2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号