91. ᠵᠢᠭᠠᠬᠠᠨ ᠬᠤᠷᠠᠭ᠎ᠠ ᠠᠴᠠ ᠪᠢᠴᠢᠬᠠᠨ ᠭᠦᠯᠦᠭᠡ ᠶᠢ ᠵᠠᠯᠠᠵᠣ ᠬᠤᠭᠤᠯᠠ ᠢᠳᠡᠭᠦᠯᠬᠦ ᠪᠠᠷ ᠪᠣᠯᠵᠠᠢ᠃ | ᠲᠡᠷᠡ ᠨᠢᠭᠡ ᠰᠢᠷᠡᠭᠡ ᠨᠢᠯᠬ᠎ᠠ ᠨᠣᠭᠤᠭ᠎ᠠ ᠪᠡᠯᠡᠳᠭᠡᠪᠡ᠃ ᠡᠴᠦᠰ ᠲᠤ ᠪᠢᠴᠢᠬᠠᠨ ᠭᠦᠯᠦᠭᠡ ᠠᠷᠭᠠᠯᠠᠵᠣ ᠬᠤᠶᠠᠷᠬᠠᠨ | ᠠᠮᠠ ᠢᠳᠡᠮᠡᠭᠴᠡ ᠲᠠᠬᠢᠵᠣ ᠢᠳᠡᠵᠦ ᠲᠡᠶᠢᠯᠬᠦ ᠦᠭᠡᠢ ᠪᠣᠯᠵᠠᠢ᠃ ᠬᠡᠳᠦᠨ ᠡᠳᠦᠷ ᠦᠩᠭᠡᠷᠡᠭᠰᠡᠨ ᠤ ᠲᠠᠷᠠᠭ᠎ᠠ | ᠪᠢᠴᠢᠬᠠᠨ ᠭᠦᠯᠦᠭᠡ ᠠᠴᠠ ᠵᠢᠭᠠᠬᠠᠨ ᠬᠤᠷᠠᠭ᠎ᠠ ᠶᠢ ᠵᠠᠯᠠᠵᠣ ᠬᠤᠭᠤᠯᠠ ᠢᠳᠡᠭᠦᠯᠬᠦ ᠪᠠᠷ ᠪᠣᠯᠪᠠ᠃ ᠲᠡᠷᠡ ᠪᠣᠳᠣᠭᠰᠠᠨ | ᠨᠢ᠄ ᠪᠢ ᠵᠢᠭᠠᠬᠠᠨ ᠬᠤᠷᠠᠭ᠎ᠠ ᠶᠢᠨ ᠰᠢᠭ᠋ ᠨᠠᠷᠢᠨ ᠬᠠᠷᠠᠮᠴᠢ ᠪᠠᠶᠢᠵᠣ ᠪᠣᠯᠬᠤ ᠦᠭᠡᠢ᠂ ᠵᠠᠪᠠᠯ ᠡᠯᠪᠡᠭ ᠲᠡᠯᠪᠡᠭ ᠰᠢᠷᠡᠭᠡ | ᠪᠡᠯᠡᠳᠭᠡᠵᠦ ᠵᠣᠴᠢᠯᠠᠬᠤ ᠬᠡᠷᠡᠭᠳᠡᠢ ᠭᠡᠵᠡᠢ᠃ ᠢᠩᠬᠢᠭᠡᠳ ᠰᠢᠷᠡᠭᠡ ᠲᠦᠭᠦᠷᠡᠩ ᠬᠠᠪᠢᠷᠭᠠᠨ ᠮᠢᠬ᠎ᠠ ᠪᠡᠯᠡᠳᠭᠡᠪᠡ᠃ ︵ | ᠦᠵᠡᠯᠳᠡ᠄ ᠲᠣᠷ᠎ᠠ ᠰᠣᠨᠢᠷᠬᠠᠯ ᠭᠡᠵᠦ ᠠᠳᠠᠯᠢ ᠪᠣᠰᠣ ᠪᠠᠶᠢᠳᠠᠭ᠃ ᠶᠠᠪᠣᠳᠠᠯ ᠪᠦᠬᠦᠨ ᠳᠤ ᠦᠪᠡᠷ ᠤᠨ ᠦᠵᠡᠯᠳᠡ᠂ | ᠠᠷᠭ᠎ᠠ ᠬᠡᠯᠪᠡᠷᠢ ᠪᠠᠨ ᠠᠯᠪᠠ ᠪᠠᠷ ᠪᠣᠰᠣᠳ ᠢᠶᠠᠷ ᠬᠦᠯᠢᠶᠡᠯᠭᠡᠬᠦ ᠭᠡᠬᠦ ᠴᠢᠬᠤᠯᠠ ᠦᠭᠡᠢ᠃ ᠠᠰᠠᠭᠤᠳᠠᠯ ᠲᠣᠯᠭᠠᠷᠠᠪᠠᠯ | ᠣᠷᠣᠨ ᠢᠶᠠᠨ ᠰᠣᠯᠢᠨ ᠰᠡᠳᠬᠢᠨ ᠪᠣᠳᠣᠯᠬᠢᠯᠠᠵᠣ᠂ ᠪᠣᠰᠣᠳ ᠤᠨ ᠵᠣᠭᠰᠣᠴᠠ ᠠᠴᠠ ᠪᠣᠳᠣᠯᠬᠢᠯᠠᠪᠠᠯ ᠰᠠᠶ᠋ᠢ ᠪᠣᠰᠣᠳ ᠢ | ᠨᠡᠩ ᠰᠠᠶᠢᠨ ᠢᠶᠠᠷ ᠣᠶᠢᠯᠠᠭᠠᠵᠣ ᠴᠢᠳᠠᠨ᠎ᠠ᠃︶ | 92. ᠬᠠᠮᠤᠭ ᠰᠠᠶᠢᠨ ᠲᠠᠭᠠᠷᠢᠯᠳᠠ ᠪᠣᠯ ᠲᠠᠷᠣᠢ ᠦᠪᠡᠷ ᠢ ᠪᠠᠨ ᠲᠠᠭᠠᠷᠢᠬᠤ ᠪᠣᠯᠣᠨ᠎ᠠ᠃ | 93. ᠦᠷᠢᠰᠦᠯᠳᠦᠭᠡᠨ ᠪᠣᠯ ᠦᠨᠡᠨ ᠳᠤ ᠪᠠᠨ ᠨᠢᠭᠡ ᠵᠦᠢᠯ ᠤᠨ ᠨᠦᠬᠦᠷᠯᠡᠯ ᠪᠣᠯᠣᠨ᠎ᠠ᠃ ᠡᠰᠡᠷᠭᠦ ᠡᠳᠡᠭᠡᠳ | ᠤᠨ ᠢᠶᠠᠨ ᠬᠠᠪᠰᠣᠷᠣᠯᠭ᠎ᠠ ᠲᠣᠣᠷ᠎ᠠ ᠴᠢ ᠨᠡᠩ ᠰᠡᠴᠡᠨ ᠰᠡᠷᠭᠦᠯᠡᠩ ᠪᠣᠯᠳᠠᠭ᠃ ᠦᠷᠢᠰᠦᠯᠳᠦᠭᠡᠨ ᠠᠴᠠ ᠠᠶᠣᠳᠠᠭ | ᠬᠦᠮᠦᠨ ᠨᠢᠭᠡᠨᠳᠡ ᠡᠰᠡᠷᠭᠦ ᠡᠳᠡᠭᠡᠳ ᠲᠤ ᠪᠠᠨ ᠲᠡᠶᠢᠯᠦᠭᠳᠡᠴᠢᠭᠡᠭᠰᠡᠨ ᠪᠠᠶᠢᠳᠠᠭ᠃ | 94. ᠬᠦᠮᠦᠨ ᠳᠤ ᠵᠣᠭᠤᠰ ᠦᠭᠬᠦ ᠪᠣᠯ ᠲᠣᠣᠷᠠᠳᠣ ᠪᠣᠳᠣᠯᠭ᠎ᠠ᠂ ᠴᠢᠳᠠᠪᠣᠷᠢ ᠦᠭᠬᠦ ᠪᠣᠯ ᠲᠣᠮᠳᠠ ᠪᠣᠳᠣᠯᠭ᠎ᠠ | ᠂ ᠦᠵᠡᠯ ᠰᠠᠨᠠᠭ᠎ᠠ ᠦᠭᠬᠦ ᠪᠣᠯ ᠲᠡᠭᠡᠳᠦ ᠪᠣᠳᠣᠯᠭ᠎ᠠ᠃ ᠡᠳ᠋ ᠬᠦᠷᠦᠩᠬᠡ ᠪᠠᠷ ᠦᠵᠡᠯ ᠰᠠᠨᠠᠭ᠎ᠠ ᠶᠢ ᠬᠤᠳᠠᠯᠳᠣᠨ | ᠠᠪᠴᠢᠷᠠᠵᠣ ᠲᠡᠶᠢᠯᠬᠦ ᠦᠭᠡᠢ᠂ ᠬᠠᠷᠢᠨ ᠦᠵᠡᠯ ᠰᠠᠨᠠᠭ᠎ᠠ ᠪᠠᠷ ᠮᠣᠳᠤᠭ ᠡᠳ᠋ ᠬᠦᠷᠦᠩᠬᠡ ᠶᠢ ᠬᠤᠳᠠᠯᠳᠣᠨ | ᠠᠪᠴᠢᠷᠠᠵᠣ ᠲᠡᠶᠢᠯᠦᠨ᠎ᠡ᠃ ᠲᠡᠯᠡᠬᠡᠢ ᠲᠡᠭᠡᠷᠡᠬᠢ ᠬᠠᠮᠤᠭ ᠶᠡᠭᠡ ᠵᠠᠬ᠎ᠠ ᠲᠡᠯᠭᠡᠭᠦᠷ ᠪᠣᠯ ᠬᠦᠮᠦᠨ ᠤ ᠲᠠᠷᠢᠬᠢᠨ ᠳᠤ | ᠪᠠᠶᠢᠳᠠᠭ᠃ | 95. ᠬᠤᠪᠢ ᠵᠠᠶᠠᠭ᠎ᠠ ᠪᠣᠯ ᠲᠠᠶᠠᠭᠳᠠᠯ ᠪᠣᠰᠣ᠂ ᠬᠠᠷᠢᠨ ᠴᠢᠷᠮᠠᠶᠢᠯᠭ᠎ᠠ ᠮᠦᠨ᠃ ᠬᠤᠪᠢ ᠵᠠᠶᠠᠭ᠎ᠠ ᠪᠣᠯ | ᠬᠡᠶᠢᠮᠣᠷᠢ ᠪᠢᠰᠢ᠂ ᠬᠠᠷᠢᠨ ᠰᠣᠩᠭᠤᠯᠳᠠ ᠮᠦᠨ᠃ ᠬᠤᠪᠢ ᠵᠠᠶᠠᠭ᠎ᠠ ᠪᠣᠯ ᠬᠦᠯᠢᠶᠡᠯᠳᠡ ᠪᠢᠰᠢ᠂ ᠬᠠᠷᠢᠨ ᠡᠵᠡᠮᠳᠡᠯ | ᠮᠦᠨ᠃ ᠬᠤᠪᠢ ᠵᠠᠶᠠᠭ᠎ᠠ ᠪᠣᠯ ᠨᠡᠷ᠎ᠡ ᠦᠭᠡ ᠪᠢᠰᠢ᠂ ᠬᠠᠷᠢᠨ ᠦᠢᠯᠡ ᠦᠭᠡ ᠮᠦᠨ᠃ ᠬᠤᠪᠢ ᠵᠠᠶᠠᠭ᠎ᠠ ᠪᠠᠨ | ᠦᠭᠡᠷᠡᠴᠢᠯᠡᠬᠦ ᠭᠡᠪᠡᠯ ᠣᠷᠢᠳ ᠢᠶᠠᠷ ᠣᠶᠢᠯᠠᠭᠠᠭᠳᠠᠬᠤᠨ ᠢᠶᠠᠨ ᠦᠭᠡᠷᠡᠴᠢᠯᠡᠬᠦ ᠬᠡᠷᠡᠭᠳᠡᠢ᠃ | 96. ᠬᠦᠮᠦᠨ ᠤ ᠠᠮᠢᠳᠣᠷᠠᠯ ᠤᠨ ᠴᠢᠬᠤᠯᠠ ᠨᠢ ᠴᠢ ᠬᠠᠮᠢᠭ᠎ᠠ ᠠᠴᠠ ᠢᠷᠡᠭᠰᠡᠨ ᠳᠤ ᠪᠠᠶᠢᠬᠤ ᠪᠢᠰᠢ᠂ ᠬᠠᠷᠢᠨ | ᠬᠠᠮᠢᠭ᠎ᠠ ᠬᠦᠷᠬᠦ ᠪᠣᠢ︖ ᠭᠡᠳᠡᠭ ᠨᠢ ᠴᠢᠬᠤᠯᠠ ᠪᠣᠯᠠᠢ᠃ ᠲᠠ ᠲᠣᠯᠣᠭᠠᠢ ᠪᠦᠬᠦᠶᠢᠨ ᠰᠢᠷᠭᠠᠭᠤ ᠰᠣᠷᠣᠯᠴᠠᠬᠤ ᠶᠢᠨ | ᠲᠠᠯᠢᠮ ᠪᠠᠰᠠ ᠲᠣᠯᠣᠭᠠᠢ ᠡᠷᠭᠦᠨ ᠬᠦᠷᠬᠦ ᠴᠢᠭᠯᠡᠯ ᠢᠶᠠᠨ ᠬᠠᠷᠠᠬᠤ ᠴᠢᠬᠤᠯᠠᠳᠠᠢ ᠰᠢᠦ︕ ᠬᠡᠷᠪᠡ ᠴᠢᠭᠯᠡᠯ ᠴᠢᠨᠢ | ᠪᠣᠷᠣᠭᠤ ᠪᠣᠯ ᠴᠢᠷᠮᠠᠶᠢᠯᠭ᠎ᠠ ᠴᠢᠨᠢ ᠲᠠᠯᠠᠭᠠᠷ ᠪᠣᠯᠣᠨ᠎ᠠ ᠳ᠋ᠠ︕ | 97. ᠰᠢᠨ᠎ᠡ ᠶᠢ ᠡᠭᠦᠳᠬᠦ ᠭᠡᠵᠦ ᠰᠢᠨᠡᠳᠬᠦ ᠶᠢ ᠬᠡᠯᠡᠨ᠎ᠡ᠂ ᠦᠭᠡᠷᠡᠴᠢᠯᠡᠯᠳᠡ ᠭᠡᠵᠦ ᠬᠤᠪᠢᠷᠠᠯᠳᠠ ᠶᠢ ᠬᠡᠯᠡᠨ᠎ᠡ᠃ | ᠰᠢᠨᠡᠳᠬᠦ ᠨᠢ ᠣᠯᠠᠮᠵᠢᠯᠠᠯ ᠢ ᠲᠠᠶᠠᠭᠳᠠᠬᠤ ᠪᠢᠰᠢ᠂ ᠬᠠᠷᠢᠨ ᠣᠯᠠᠮᠵᠢᠯᠠᠯ ᠢ ᠵᠠᠯᠭᠠᠮᠵᠢᠯᠠᠨ᠎ᠠ︔ ᠬᠤᠪᠢᠷᠠᠯᠳᠠ ᠨᠢ | ᠦᠩᠭᠡᠨ ᠲᠠᠯ᠎ᠠ ᠶᠢᠨ ᠦᠵᠡᠭᠳᠡᠯ ᠪᠢᠰᠢ᠂ ᠬᠠᠷᠢᠨ ᠲᠣᠳᠣᠭᠠᠳᠣ ᠶᠢᠨ ᠰᠢᠨᠡᠳᠭᠡᠯ ᠪᠣᠯᠣᠨ᠎ᠠ᠃ ᠰᠢᠨᠵᠢᠯᠡᠬᠦ ᠣᠬᠠᠭᠠᠨ ᠤ | ᠮᠦᠨ ᠴᠢᠨᠠᠷ ᠪᠣᠯ ᠲᠠᠷᠣᠢ ᠰᠢᠨ᠎ᠡ ᠶᠢ ᠡᠭᠦᠳᠬᠦ ᠪᠣᠯᠣᠨ᠎ᠠ᠂ ᠬᠤᠪᠢᠷᠠᠯᠳᠠ ᠶᠢᠨ ᠮᠦᠨ ᠴᠢᠨᠠᠷ ᠨᠢ ᠬᠦᠭᠵᠢᠯᠳᠡ ᠪᠣᠯᠬᠤ | ᠶᠣᠮ᠃ | 98. ᠠᠮᠢ ᠨᠠᠰᠣᠨ ᠤ ᠣᠳᠬ᠎ᠠ ᠠᠭᠤᠯᠭ᠎ᠠ ᠨᠢ ᠠᠮᠢᠳᠣᠷᠠᠬᠤ ᠶᠢᠨ ᠣᠷᠳᠣ ᠣᠬᠤᠷ ᠲᠤ ᠨᠢ ᠪᠠᠶᠢᠬᠤ ᠪᠢᠰᠢ᠂ | ᠬᠠᠷᠢᠨ ᠡᠷᠳᠡ ᠪᠣᠶᠣ ᠣᠷᠣᠢ ᠣᠬᠠᠭᠠᠷᠠᠨ ᠰᠡᠭᠡᠭᠡᠷᠡᠭᠰᠡᠨ ᠳᠤ ᠪᠠᠶᠢᠳᠠᠭ᠃ | 99. ᠰᠣᠷᠣᠯᠭ᠎ᠠ ᠶᠢᠨ ᠨᠠᠮᠳᠠᠷ ᠦᠩᠭᠡᠷᠡᠭᠰᠡᠨ ᠢ ᠲᠦᠯᠦᠭᠡᠯᠡᠵᠦ᠂ ᠪᠣᠳᠠᠰ ᠤᠨ ᠬᠦᠴᠦ ᠣᠳᠣ ᠴᠠᠭ ᠢ | ᠲᠦᠯᠦᠭᠡᠯᠡᠬᠦ ᠳᠤ ᠰᠣᠷᠣᠯᠴᠠᠯᠭ᠎ᠠ ᠶᠢᠨ ᠬᠦᠴᠦᠯᠡᠴᠡ ᠢᠷᠡᠭᠡᠳᠦᠢ ᠶᠢ ᠲᠦᠯᠦᠭᠡᠯᠡᠳᠡᠭ᠃ |