ᠮᠤᠩᠭᠤᠯ ᠪᠦᠭᠡ ᠶᠢᠨ ᠵᠤᠳᠤᠭ ᠭᠡᠵᠤ ᠮᠠᠰᠢ ᠦᠪᠡᠷᠮᠢᠴᠠ ᠭᠡᠷᠡᠭᠯᠡᠯ ᠪᠠᠶᠢᠳᠠᠭ᠃ ᠦᠨᠦᠳᠤᠷ ᠤᠨ ᠨᠠᠶᠢᠷ ᠤᠨ | ᠪᠦᠭᠡ ᠵᠤᠳᠤᠭ ᠦᠭᠡᠢ ᠪᠠᠷᠢᠯᠳᠤᠬᠤ ᠦᠭᠡᠢ᠃ ᠭᠡᠪᠡᠴᠤ ᠮᠤᠩᠭᠤᠯ ᠪᠦᠭᠡ ᠤᠤᠯ ᠠᠴᠠ ᠪᠠᠨ ᠵᠤᠳᠤᠭ ᠦᠭᠡᠢ | ᠪᠠᠶᠢᠭᠰᠠᠨ ᠭᠡᠭᠦ ᠶᠢ ᠪᠠᠳᠤᠯᠠᠬᠤ ᠡᠷᠳᠡᠨ ᠤ ᠵᠢᠷᠤᠭ ᠤᠯᠳᠠᠪᠤᠷᠢ ᠶᠢ ᠬᠠᠳᠠᠨ ᠠᠴᠠ᠂ ᠤᠩᠭᠤᠨ ᠪᠤᠯᠠᠰᠢᠨ ᠠᠴᠠ | ᠤᠯᠤᠭᠰᠠᠨ ᠪᠠᠶᠢᠳᠠᠭ᠃ ᠳᠡᠭᠡᠪᠡᠯ ᠮᠤᠩᠭᠤᠯ ᠪᠦᠭᠡ ᠶᠢᠨ ᠵᠤᠳᠤᠭ ᠶᠠᠮᠠᠷ ᠦᠶ᠎ᠡ ᠳᠤ ᠪᠤᠢ ᠪᠤᠯᠤᠭᠰᠠᠨ ᠭᠡᠳᠡᠭ ᠤᠨ | ᠳᠤᠬᠠᠢ ᠦᠨᠦᠳᠦᠷ ᠪᠢᠳᠡᠨ ᠳᠤ ᠦᠵᠡᠭᠦᠯᠵᠤ ᠬᠠᠷᠠᠭᠤᠯᠬᠤ ᠪᠠᠷᠢᠮᠳᠠ ᠦᠭᠡᠢ ᠪᠠᠶᠢᠨ᠎ᠠ᠃ ᠭᠡᠳᠡᠯ᠎ᠡ ᠵᠤᠳᠤᠭ ᠤᠨ | ᠠᠩᠬᠠᠨ ᠤ ᠭᠡᠯᠪᠡᠷᠢ ᠪᠤᠯ ᠪᠦᠰᠡ ᠪᠠᠶᠢᠭᠰᠠᠨ ᠭᠡᠭᠦ ᠦᠵᠡᠯᠳᠡ ᠶᠢ ᠪᠢ ᠪᠠᠷᠢᠵᠤ ᠶᠠᠪᠤᠳᠠᠭ᠃ ᠮᠤᠩᠭᠤᠯ ᠪᠦᠭᠡ ᠶᠢᠨ | ᠳᠡᠤᠭᠡᠨ ᠪᠠᠶᠢᠳᠠᠯ ᠠᠴᠠ ᠦᠵᠡᠪᠡᠯ ᠪᠢᠳᠡ ᠶᠡᠭᠡ ᠡᠷᠳᠡ ᠠᠴᠠ ᠪᠠᠷᠢᠯᠳᠤᠭᠠᠨ ᠳᠤ ᠪᠠᠷᠢᠴᠠ ᠪᠤᠯᠭᠠᠨ ᠶᠠᠭᠤ ᠨᠢᠭᠡ ᠶᠢ | ᠠᠰᠢᠭᠯᠠᠬᠤ ᠪᠠᠶᠢᠳᠠᠯ ᠵᠠᠩᠰᠢᠵᠤ ᠰᠠᠭᠤᠭᠳᠠᠭᠰᠠᠨ ᠪᠠᠶᠢᠨ᠎ᠠ᠃ ᠳᠡᠭᠡᠭᠡᠳ ᠮᠤᠩᠭᠤᠯᠴᠤᠳ ᠦᠪᠡᠷ ᠤᠨ ᠬᠠᠮᠤᠭ | ᠦᠷᠭᠡᠨ ᠭᠡᠷᠡᠭᠯᠡᠳᠡᠭ ᠪᠦᠰᠡ ᠪᠠᠷ ᠢᠶᠠᠷ ᠮᠦᠷᠦ ᠪᠦᠰᠡᠯᠡᠭᠦᠷ ᠢᠶᠠᠨ ᠤᠷᠢᠶᠠᠨ ᠳᠡᠭᠦᠨ ᠠᠴᠠ ᠪᠠᠷᠢᠴᠠ ᠭᠠᠷᠭᠠᠨ | ᠪᠠᠷᠢᠯᠳᠤᠵᠤ ᠪᠠᠶᠢᠭᠰᠠᠨ ᠪᠠᠶᠢᠨ᠎ᠠ᠃ ᠡᠭᠦᠨ ᠠᠴᠠ ᠤᠯᠪᠠᠭᠠᠯᠠᠨ ᠲᠤᠰᠬᠠᠢ ᠭᠡᠷᠡᠭᠯᠡᠭᠡ ᠪᠤᠯᠬᠤ ᠵᠤᠳᠤᠭ ᠢ ᠦᠢᠯᠡᠳᠤᠨ | ᠠᠰᠢᠭᠯᠠᠵᠤ ᠡᠬᠢᠯᠡᠭᠰᠡᠨ ᠲᠦᠯᠦᠪ ᠲᠠᠢ᠃ ᠲᠠᠷᠤᠢ ᠡᠷᠳᠡᠨ ᠤ ᠬᠦᠮᠦᠰ ︵ᠦᠨᠳᠦᠷᠯᠢᠭ ᠤᠨ ᠮᠤᠩᠭᠤᠯᠴᠤᠳ︶ | ᠪᠦᠰᠡ ᠪᠠᠨ ᠮᠦᠷᠦᠪᠴᠢᠯᠡᠨ ᠪᠦᠰᠡᠯᠡᠵᠤ ᠳᠡᠭᠦᠨ ᠠᠴᠠ ᠪᠠᠨ ᠪᠠᠷᠢᠴᠠ ᠭᠠᠷᠭᠠᠨ ᠪᠠᠷᠢᠯᠳᠤᠵᠤ ᠪᠠᠶᠢᠭᠰᠠᠨ ᠤ ᠤᠯᠪᠠᠭ᠎ᠠ | ᠡᠳᠤᠭᠡ ᠴᠤ ᠦᠪᠤᠷ ᠮᠤᠩᠭᠤᠯ ᠳᠤ ᠬᠠᠷᠠᠭᠳᠠᠳᠠᠭ᠃ ᠡᠶᠢᠮᠤ ᠠᠴᠠ ᠪᠦᠰᠡ ᠨᠢ ᠵᠤᠳᠤᠭ ᠤᠨ ᠡᠪᠦᠭᠡ ᠭᠡᠯᠪᠡᠷᠢ | ᠪᠤᠯᠤᠨ᠎ᠠ᠃ ᠵᠤᠳᠤᠭ ᠤᠨ ᠦᠨᠳᠦᠰᠦᠨ ᠬᠡᠷᠡᠭᠯᠡᠭᠡ ᠪᠤᠯ ᠪᠠᠷᠢᠴᠠ ᠪᠠᠷᠢᠬᠤ ᠳᠤ ᠠᠰᠢᠭᠯᠠᠭᠳᠠᠳᠠᠭ᠃ ᠬᠤᠶᠠᠷ | ᠬᠦᠮᠦᠨ ᠪᠠᠷᠢᠯᠳᠤᠬᠤ ᠦᠶ᠎ᠡ ᠳᠤ ᠡᠷᠭᠡᠪᠰᠢ ᠪᠠᠷᠢᠴᠠᠨ ᠳᠤ ᠭᠦᠷᠴᠤ ᠰᠢᠢᠳᠤᠯ ᠬᠢᠨ᠎ᠡ᠃ ᠡᠶᠢᠮᠤ ᠠᠴᠠ ᠪᠦᠭᠡ ᠶᠢᠨ | ᠪᠠᠷᠢᠴᠠ ᠤᠯᠬᠤ ᠳᠤ ᠵᠣᠷᠢᠯᠭ᠎ᠠ ᠲᠠᠢ ᠵᠤᠳᠤᠭ ᠪᠤᠢ ᠪᠤᠯᠤᠭᠰᠠᠨ ᠪᠡ ᠳᠡᠭᠦᠨ ᠤ ᠰᠢᠨᠡᠴᠢᠯᠡᠯᠳᠡ ᠨᠢ ᠪᠠᠷᠢᠴᠠ ᠶᠢᠨ | ᠮᠡᠷᠭᠡᠵᠢᠯ᠂ ᠤᠨᠤᠯ ᠢ ᠲᠠᠭᠠᠵᠤ ᠬᠤᠪᠢᠷᠠᠭᠰᠠᠨ ᠭᠡᠵᠤ ᠪᠢ ᠦᠵᠡᠳᠡᠭ᠃ ᠪᠠᠰᠠ ᠪᠡᠶ᠎ᠡ ᠶᠢᠨ ᠬᠠᠮᠠᠭᠠᠯᠠᠯᠳᠠ ᠶᠢᠨ | ᠡᠭᠦᠷᠭᠡ ᠴᠤ ᠳᠡᠭᠦᠨ ᠳᠤ ᠪᠠᠶᠢᠳᠠᠭ᠃ ᠡᠶᠢᠮᠤ ᠤᠳᠬ᠎ᠠ ᠪᠠᠷ ᠢᠶᠠᠨ ᠦᠪᠤᠷ ᠮᠤᠩᠭᠤᠯ ᠵᠤᠳᠤᠭ ᠲᠤ ᠳᠤᠪᠤᠷᠤᠤ ᠲᠠᠢ | ᠪᠤᠯᠤᠭᠰᠠᠨ ᠭᠡᠭᠦ ᠦᠵᠡᠯᠳᠡ ᠤᠷᠤᠰᠢᠳᠠᠭ᠃ ᠠᠷᠠᠳ ᠤᠨ ᠠᠮᠠᠨ ᠶᠠᠷᠢᠶᠠᠨ ᠳᠤ ︽ᠵᠤᠳᠤᠪᠠᠯ ᠵᠤᠳᠤᠭ︕ ᠭᠡᠵᠤ | ᠵᠤᠳᠤᠭ ᠡᠮᠦᠰᠦᠭᠰᠡᠨ︾ ᠭᠡᠭᠦ ᠦᠯᠢᠭᠡᠷ ᠪᠠᠶᠢᠳᠠᠭ᠃ ᠡᠨᠡ ᠨᠢ ᠳᠡᠭᠦᠨ ᠤ ᠨᠡᠷ᠎ᠡ ᠶᠢᠨ ᠢᠷᠡᠯᠳᠡ ᠴᠤ ᠪᠠᠶᠢᠵᠤ | ᠮᠡᠳᠡᠨ᠎ᠡ᠃ | ᠮᠤᠩᠭᠤᠯ ᠪᠦᠭᠡ ᠶᠢᠨ ᠵᠤᠳᠤᠭ ᠢ ᠪᠦᠳᠦᠭᠡᠭᠦ ᠳᠤ ᠰᠠᠶᠢᠨ ᠰᠢᠷᠢ᠂ ᠮᠦᠩᠭᠦᠨ ᠳᠤᠪᠤᠷᠤᠤ᠂ ᠮᠢᠨᠳᠠᠰᠤᠨ | ᠤᠳᠠᠰᠤ᠂ ᠦᠩᠭᠡ ᠪᠦᠭᠦᠢ ᠰᠠᠷᠢᠰᠤ᠂ ᠪᠡᠷᠵᠡᠶᠢᠬᠢ ᠵᠡᠷᠭᠡ ᠱᠠᠭᠠᠷᠳᠠᠭᠳᠠᠳᠠᠭ᠃ ᠡᠳᠡᠭᠡᠷ ᠮᠠᠰᠢ ᠴᠢᠨᠠᠷᠯᠢᠭ ᠮᠡᠲ᠋ᠧᠷᠢᠶᠠᠯ | ᠤᠨ ᠠᠰᠢᠭᠯᠠᠯᠳᠠ ᠠᠴᠠ ᠰᠠᠶ᠋ᠢ ᠰᠠᠶᠢᠨ ᠵᠤᠳᠤᠭ ᠪᠤᠢ ᠪᠤᠯᠤᠨ᠎ᠠ᠃ ᠮᠤᠩᠭᠤᠯ ᠪᠦᠭᠡ ᠶᠢᠨ ᠵᠤᠳᠤᠭ ᠨᠢ ᠬᠠᠷ᠎ᠠ ᠪᠠᠷ | ᠦᠩᠭᠡᠯᠡᠭᠰᠡᠨ ᠰᠢᠷᠢ ᠪᠠᠷ ᠭᠤᠤᠯ ᠪᠤᠯᠭᠠᠳᠠᠭ ᠴᠤ ᠵᠠᠷᠢᠮ ᠦᠶ᠎ᠡ ᠳᠤ ᠳᠤᠷᠠᠰᠢᠯ ᠰᠤᠨᠢᠷᠬᠠᠯ ᠠᠴᠠ ᠪᠠᠨ ᠪᠤᠯᠵᠤ | ᠤᠯᠠᠪᠠᠷ ᠦᠩᠭᠡ ᠪᠤᠶᠤ ᠰᠢᠷᠠᠩᠭᠤᠢ ᠦᠩᠭᠡ ᠲᠠᠢ ᠰᠢᠷᠢ ᠪᠠᠷ ᠴᠤ ᠬᠢᠭᠰᠡᠨ ᠬᠠᠷᠠᠭᠳᠠᠳᠠᠭ᠃ ᠬᠠᠯᠬ᠎ᠠ ᠪᠦᠭᠡ ᠶᠢᠨ | ᠪᠦᠰ ᠵᠤᠳᠤᠭ ᠳᠤ ᠤᠯᠠᠪᠠᠷ ᠶᠠᠭᠠᠨ᠂ ᠭᠦᠭᠡ ᠦᠩᠭᠡ ᠵᠡᠷᠭᠡ ᠶᠢ ᠭᠤᠤᠯᠲᠠᠢ ᠠᠰᠢᠭᠯᠠᠳᠠᠭ ᠪᠠᠶᠢᠨ᠎ᠠ᠃ ᠵᠤᠳᠤᠭ ᠢ | ᠡᠰᠭᠡᠬᠦ ᠠᠴᠠ ᠠᠪᠤᠭᠠᠳ ᠤᠷᠠᠯᠠᠵᠤ ᠤᠶᠤᠬᠤ ᠭᠦᠷᠳᠡᠯ᠎ᠡ ᠮᠤᠩᠭᠤᠯᠴᠤᠳ ᠤᠨ ᠦᠳᠡᠮᠡᠯ᠂ ᠰᠢᠷᠢᠮᠡᠯ᠂ ᠭᠦᠭᠡᠭᠡᠮᠡᠯ᠂ | ᠬᠠᠳᠬᠤᠮᠠᠯ᠂ ᠵᠦᠰᠦᠮᠡᠯ ᠵᠡᠷᠭᠡ ᠤᠷᠠᠯᠢᠭ ᠤᠨ ᠤᠷ᠎ᠠ ᠶᠢᠨ ᠰᠠᠩ ᠢ ᠰᠢᠩᠭᠡᠭᠰᠡᠨ ᠠᠴᠠ ᠵᠤᠳᠤᠭ ᠨᠢ ᠨᠢᠭᠡ ᠤᠳᠬ᠎ᠠ | ᠪᠠᠷ ᠢᠶᠠᠨ ᠮᠤᠩᠭᠤᠯ ᠤᠷᠠᠯᠢᠭ ᠤᠨ ᠤᠬᠢ ᠰᠢᠯᠢᠳᠡᠭ ᠪᠦᠳᠦᠭᠡᠭᠳᠡᠭᠦᠨ ᠪᠤᠯᠤᠭᠰᠠᠨ ᠪᠠᠶᠢᠳᠠᠭ᠃ | ᠮᠤᠩᠭᠤᠯᠴᠤᠳ ᠵᠤᠳᠤᠭ ᠭᠡᠷᠡᠭᠯᠡᠭᠦ ᠪᠤᠯᠤᠭᠰᠠᠨ ᠠᠴᠠ ᠠᠪᠤᠭᠠᠳ ᠡᠳᠤᠭᠡ ᠭᠦᠷᠳᠡᠯ᠎ᠡ ᠵᠤᠳᠤᠭ ᠲᠤ ᠨᠡᠯᠢᠶᠡᠳ | ᠬᠤᠪᠢᠷᠠᠯᠳᠠ ᠭᠠᠷᠤᠭᠰᠠᠨ ᠪᠠᠶᠢᠳᠠᠭ᠃ ᠶᠡᠷᠤᠩᠬᠢ ᠳᠠᠭᠠᠨ ᠡᠮᠦᠰᠭᠡᠯ ᠤᠨ ᠭᠡᠯᠪᠡᠷᠢ ᠲᠠᠢ ᠪᠠᠶᠢᠭᠰᠠᠨ ᠠᠴᠠ ᠪᠠᠨ | ᠲᠤᠰᠬᠠᠢ ᠮᠡᠷᠭᠡᠵᠢᠯ ᠤᠨ ᠠᠵᠢᠯ ᠤᠨ ᠭᠡᠷᠡᠭᠴᠡᠭᠡ ᠤᠷᠤᠭᠤ ᠢᠳᠡᠭ ᠢᠳᠡᠭ ᠢᠶᠠᠷ ᠰᠢᠯᠵᠢᠭᠰᠡᠨ ᠪᠠᠶᠢᠨ᠎ᠠ᠃ ᠶᠡᠭᠡ | ᠡᠷᠳᠡᠨ ᠤ ᠵᠤᠳᠤᠭ ᠨᠢ ᠤᠤᠯ ᠨᠢ ᠪᠢᠳᠡᠭᠦᠤ ᠡᠩᠭᠡᠷ ᠲᠠᠢ ᠪᠠᠶᠢᠭᠰᠠᠨ ᠨᠢ ᠡᠳᠤᠭᠡ ᠶᠢᠨ ᠳᠡᠤᠭᠡᠨ ᠳᠤ ᠦᠯᠡᠳᠡᠵᠤ | ᠬᠤᠴᠤᠷᠤᠭᠰᠠᠨ ᠪᠠᠶᠢᠳᠠᠭ᠃ ᠳᠡᠭᠡᠭᠡᠳ ᠵᠠᠳᠠᠭᠠᠢ ᠡᠩᠭᠡᠷ ᠲᠠᠢ ᠪᠤᠯᠬᠤ ᠳᠤ ᠨᠢᠭᠡ ᠳᠡᠤᠭᠡᠨ ᠦᠯᠢᠭᠡᠷ ᠪᠠᠶᠢᠳᠠᠭ᠃ | ᠡᠷᠳᠡ ᠤᠷᠢᠳᠤ ᠶᠢᠨ ᠴᠠᠭ ᠲᠤ ᠨᠢᠭᠡ ᠮᠠᠰᠢ ᠬᠦᠴᠦ ᠴᠢᠳᠠᠯ ᠲᠠᠢ ᠪᠦᠰᠡᠭᠦᠢ ᠬᠦᠮᠦᠨ ᠨᠠᠶᠢᠷ ᠲᠤ ᠡᠷᠡᠴᠤᠳ ᠲᠠᠢ | ᠪᠠᠷᠢᠯᠳᠤᠬᠤ ᠶᠢ ᠰᠠᠨᠠᠵᠤ ᠦᠰᠦ ᠳᠤᠯᠤᠭᠠᠢ ᠪᠠᠨ ᠡᠷᠡᠭᠲᠡᠢ ᠪᠠᠷ ᠶᠠᠩᠵᠤᠯᠠᠵᠤ ᠠᠪᠤᠭᠠᠳ ᠨᠠᠶᠢᠷ ᠲᠤ ᠪᠠᠷᠢᠯᠳᠤᠨ | ᠲᠡᠷᠢᠭᠦᠯᠡᠭᠰᠡᠨ ᠪᠠᠶᠢᠨ᠎ᠠ᠃ ᠳᠡᠭᠡᠭᠡᠳ ᠬᠦᠮᠦᠰ ᠳᠡᠭᠦᠨ ᠢ ᠡᠮᠡᠭᠲᠡᠢ ᠭᠦᠮᠦᠨ ᠭᠡᠳᠡᠭ ᠢ ᠨᠢ ᠮᠡᠳᠡᠭᠰᠡᠨ ᠠᠴᠠ ᠬᠤᠶᠢᠰᠢ | ᠵᠤᠳᠤᠭ ᠤᠨ ᠡᠩᠭᠡᠷ ᠢ ᠵᠠᠳᠠᠭᠠᠢ ᠪᠤᠯᠭᠠᠭᠰᠠᠨ ᠭᠡᠳᠡᠭ᠃ ᠶᠡᠷᠦ ᠨᠢ ᠪᠢᠳᠡᠭᠦᠤ ᠡᠩᠭᠡᠷ ᠲᠠᠢ ᠵᠤᠳᠤᠭ ᠢ ᠨᠢᠭᠡ ᠯᠡ | ᠳᠡᠭᠡᠷ᠎ᠡ ᠵᠠᠳᠠᠭᠠᠢ ᠪᠤᠯᠭᠠᠭᠰᠠᠨ ᠪᠢᠰᠢ ᠭᠡᠳᠡᠭ ᠢ ᠳᠡᠤᠭᠡᠨ ᠵᠢᠷᠤᠭ ᠰᠡᠭᠦᠳᠡᠷ ᠠᠴᠠ ᠳᠤᠳᠤ ᠬᠠᠷᠠᠵᠤ ᠪᠤᠯᠤᠨ᠎ᠠ᠃ | ᠵᠤᠳᠤᠭ ᠵᠠᠳᠠᠭᠠᠢ ᠡᠩᠭᠡᠷ ᠲᠠᠢ ᠪᠤᠯᠬᠤ ᠳᠤ ᠪᠠᠰᠠ ᠭᠤᠷᠪᠡᠨ ᠱᠠᠳᠤ ᠦᠶ᠎ᠡ ᠶᠢ ᠦᠩᠭᠡᠷᠡᠭᠡᠭᠰᠡᠨ ᠪᠠᠶᠢᠳᠠᠭ᠃ | ᠳᠤᠬᠠᠶᠢᠯᠠᠪᠠᠯ ᠬᠦᠷᠮᠡᠴᠢᠯᠡᠭᠰᠡᠨ ᠵᠠᠳᠠᠭᠠᠢ ᠡᠩᠭᠡᠷ᠂ ᠵᠢᠵᠢᠭ ᠭᠤᠷᠪᠠᠯᠵᠢᠯᠠᠭᠰᠠᠨ ᠵᠠᠳᠠᠭᠠᠢ ᠡᠩᠭᠡᠷ᠂ ᠨᠡᠯᠢᠶᠡᠳ | ᠲᠠᠯᠪᠢᠭᠤ ᠭᠤᠷᠪᠡᠯᠵᠢᠯᠠᠭᠰᠠᠨ ᠵᠠᠳᠠᠭᠠᠢ ᠡᠩᠭᠡᠷ ᠵᠡᠷᠭᠡ ᠪᠠᠷ ᠭᠦᠭᠵᠢᠭᠰᠡᠨ ᠳᠡᠤᠭᠡ ᠪᠢᠳᠡᠨ ᠳᠤ ᠪᠠᠶᠢᠳᠠᠭ᠃ ᠳᠡᠭᠡᠭᠡᠳ | ᠤᠳᠤ ᠶᠢᠨ ᠪᠠᠶᠢᠳᠠᠯ ᠳᠤ ᠰᠢᠯᠵᠢᠬᠦ ᠳᠤ ᠳᠤᠩ ᠤᠷᠳᠤ ᠬᠤᠭᠤᠴᠠᠭ᠎ᠠ ᠦᠩᠭᠡᠷᠡᠭᠰᠡᠨ ᠨᠢ ᠳᠤᠳᠤᠷᠬᠠᠢ᠃ ᠲᠠᠷᠤᠢ | ᠪᠢᠳᠡᠭᠦᠤ ᠡᠩᠭᠡᠷ ᠲᠠᠢ ᠪᠠᠶᠢᠭᠰᠠᠨ ᠠᠴᠠ ᠪᠠᠨ ᠨᠡᠩ ᠰᠠᠶᠢᠨ ᠪᠠᠷᠢᠴᠠ ᠤᠯᠵᠤ ᠪᠤᠯᠬᠤᠶᠢᠴᠠ ᠭᠡᠯᠪᠡᠷᠢ ᠪᠠᠷ ᠡᠩᠭᠡᠷ ᠨᠢ | ᠬᠤᠪᠢᠷᠠᠵᠤ ᠪᠦᠰᠡ ᠪᠤᠶᠤ ᠬᠠᠨᠴᠤᠢ᠂ ᠰᠡᠨᠵᠢ ᠪᠠᠷ ᠭᠤᠤᠯ ᠪᠤᠯᠭᠠᠭᠰᠠᠨ ᠭᠡᠯᠪᠡᠷᠢ ᠳᠤ ᠰᠢᠯᠵᠢᠭᠰᠡᠨ ᠪᠠᠶᠢᠳᠠᠭ᠃ ᠡᠨᠡ | ᠨᠢ ᠤᠷᠳᠤ ᠤᠳᠠᠭᠠᠨ ᠤ ᠬᠡᠷᠡᠭᠯᠡᠭᠡ ᠪᠠᠷ ᠲᠠᠮᠵᠢᠨ ᠰᠠᠶᠢᠵᠢᠷᠠᠨ ᠰᠢᠨᠡᠴᠢᠯᠡᠭᠳᠡᠭᠰᠡᠨ ᠪᠠᠶᠢᠳᠠᠯ ᠪᠤᠯᠤᠨ᠎ᠠ᠃ ᠵᠤᠳᠤᠭ ᠤᠨ | ᠭᠡᠯᠪᠡᠷᠢ ᠪᠠᠶᠢᠳᠠᠯ ᠤᠨ ᠬᠤᠪᠢᠷᠠᠯ ᠨᠢ ᠪᠢᠳᠡᠭᠦᠤ ᠡᠩᠭᠡᠷ ᠲᠠᠢ ᠵᠤᠳᠤᠭ᠂ ᠵᠠᠳᠠᠭᠠᠢ ᠡᠩᠭᠡᠷ ᠲᠠᠢ ᠵᠤᠳᠤᠭ᠂ ᠡᠷᠪᠡᠭᠡᠢ | ᠵᠤᠳᠤᠭ᠂ ᠬᠠᠯᠬ᠎ᠠ ᠵᠤᠳᠤᠭ ᠵᠡᠷᠭᠡ ᠭᠡᠳᠤᠨ ᠵᠦᠢᠯ ᠤᠨ ᠬᠡᠯᠪᠡᠷᠢ ᠶᠢ ᠥᠩᠭᠡᠷᠡᠭᠡᠭᠰᠡᠨ ᠪᠠᠶᠢᠳᠠᠭ᠃ ᠤᠳᠤ ᠶᠢᠨ | ᠬᠤᠪᠢ ᠳᠤ ᠡᠷᠪᠡᠭᠡᠢ ᠵᠤᠳᠤᠭ ᠪᠤᠯᠤᠨ ᠬᠠᠯᠬ᠎ᠠ ᠵᠤᠳᠤᠭ ᠤᠨ ᠭᠡᠯᠪᠡᠷᠢ ᠬᠤᠶᠠᠷ ᠪᠦᠰᠡ ᠨᠤᠳᠤᠭ ᠲᠤ ᠲᠦᠯᠦᠪᠰᠢᠷᠡᠨ | ᠦᠯᠡᠳᠡᠵᠡᠢ᠃ ᠪᠠᠷᠭᠤ ᠪᠤᠷᠢᠶᠠᠳ ᠶᠠᠰᠤᠲᠠᠨ ᠤ ᠪᠦᠭᠡ ᠶᠢᠨ ᠵᠤᠳᠤᠭ ᠨᠢ ᠭᠡᠳᠤᠶᠢᠪᠡᠷ ᠡᠷᠪᠡᠬᠡᠢ ᠵᠤᠳᠤᠭ ᠲᠤ | ᠪᠠᠭᠳᠠᠳᠠᠭ ᠪᠠᠶᠢᠯ᠎ᠠ ᠭᠡᠰᠡᠨ ᠴᠤ ᠨᠡᠯᠢᠶᠡᠳ ᠲᠠᠯ᠎ᠠ ᠳᠤ ᠨᠡᠶᠢᠳᠡ ᠮᠤᠩᠭᠤᠯ ᠤᠨ ᠰᠢᠷᠢᠨ ᠵᠤᠳᠤᠭ ᠲᠠᠢ ᠪᠠᠰᠠ ᠠᠳᠠᠯᠢ | ᠦᠭᠡᠢ ᠲᠠᠯ᠎ᠠ ᠤᠷᠤᠰᠢᠳᠠᠭ᠃ ᠵᠢᠱᠢᠶ᠎ᠡ ᠨᠢ ᠵᠤᠳᠤᠭ ᠤᠨ ᠬᠤᠷᠮᠤᠢ᠂ ᠪᠦᠰᠡ ᠨᠡᠯᠢᠶᠡᠳ ᠠᠳᠠᠯᠢ ᠦᠭᠡᠢ ᠪᠠᠶᠢᠳᠠᠭ᠃ | ᠪᠠᠷᠭᠤ ᠪᠤᠷᠢᠶᠠᠳ ᠶᠠᠰᠤᠳᠠᠨ ᠤ ᠡᠮᠦᠰᠳᠡᠭ ᠵᠤᠳᠤᠭ ᠤᠨ ᠬᠤᠷᠮᠤᠢ ᠶᠢᠨ ᠦᠵᠦᠭᠦᠷ ᠪᠠᠶᠢᠳᠠᠭ ᠦᠭᠡᠢ᠃ ᠡᠨᠡ ᠲᠠᠯ᠎ᠠ | ᠨᠢ ᠬᠠᠯᠬ᠎ᠠ ᠵᠤᠳᠤᠭ ᠲᠠᠢ ᠨᠡᠯᠢᠶᠡᠳ ᠲᠦᠰᠦᠭᠡᠷᠭᠡᠤ ᠪᠠᠶᠢᠳᠠᠭ ᠪᠦᠭᠡᠳ ᠦᠩᠭᠡ ᠶᠢᠨ ᠪᠦᠰ ᠢᠶᠠᠷ ᠲᠠᠷᠤᠭᠤᠯᠵᠤ | ᠪᠦᠰᠡᠯᠡᠳᠡᠭ ᠵᠢᠷᠤᠮ ᠰᠠᠶ᠋ᠢᠬᠠᠨ ᠪᠤᠯᠳᠠᠯ᠎ᠠ ᠤᠯᠠᠮᠵᠢᠯᠠᠬᠳᠠᠵᠤ ᠪᠠᠶᠢᠵᠠᠢ᠃ ᠡᠶᠢᠮᠤᠷᠭᠦ ᠤᠳᠬ᠎ᠠ ᠰᠢᠨᠵᠢ ᠪᠠᠷ ᠢᠶᠠᠨ | ᠪᠠᠷᠭᠤ ᠪᠤᠷᠢᠶᠠᠳ ᠶᠠᠰᠤᠳᠠᠨ ᠤ ᠪᠦᠭᠡ ᠨᠢ ᠮᠤᠩᠭᠤᠯ ᠪᠦᠭᠡ ᠪᠤᠯᠤᠨ ᠬᠠᠯᠬ᠎ᠠ ᠪᠦᠭᠡ ᠶᠢᠨ ᠬᠤᠶᠠᠷᠳᠠᠮᠠᠯ ᠰᠢᠨᠵᠢ ᠶᠢ | ᠬᠠᠳᠠᠭᠠᠯᠠᠭᠰᠠᠨ ᠤᠨᠴᠠᠯᠢᠭ ᠲᠠᠢ ᠮᠤᠩᠭᠤᠯ ᠪᠦᠭᠡ ᠶᠢᠨ ᠨᠢᠭᠡ ᠲᠦᠷᠦᠯ ᠶᠤᠮ᠃ ᠤᠳᠤ ᠪᠤᠯ ᠮᠤᠩᠭᠤᠯ ᠪᠦᠭᠡ ᠶᠢᠨ | ᠡᠷᠪᠡᠭᠡᠢ ᠵᠤᠳᠤᠭ ᠲᠠᠢ ᠮᠠᠰᠢ ᠢᠵᠢᠯᠰᠢᠵᠤ ᠪᠠᠶᠢᠭ᠎ᠠ ᠬᠠᠷᠠᠭᠳᠠᠳᠠᠭ᠃ ᠮᠤᠩᠭᠤᠯ ᠪᠦᠭᠡ ᠶᠢᠨ ᠵᠤᠳᠤᠭ ᠴᠤ ᠰᠠᠶ᠋ᠢᠬᠠᠨ | ᠪᠤᠯᠳᠠᠯ᠎ᠠ ᠪᠦᠰᠡ ᠪᠠᠷ ᠲᠠᠷᠤᠭᠤᠯᠵᠤ ᠪᠦᠰᠡᠯᠡᠭᠦ ᠭᠡᠯᠪᠡᠷᠢ ᠪᠠᠨ ᠬᠠᠳᠠᠭᠠᠯᠠᠵᠤ ᠪᠠᠶᠢᠭᠰᠠᠨ ᠶᠤᠮ᠃ | ᠮᠤᠩᠭᠤᠯ ᠪᠦᠭᠡ ᠶᠢᠨ ᠵᠤᠳᠤᠭ ᠢ ᠴᠢᠮᠡᠭᠯᠡᠯ ᠢᠶᠠᠷ ᠨᠢ ᠳᠤᠪᠤᠷᠤᠤ ᠲᠠᠢ ᠵᠤᠳᠤᠭ ᠪᠤᠶᠤ ᠳᠤᠪᠤᠷᠤᠤ ᠦᠭᠡᠢ | ᠵᠤᠳᠤᠭ ᠭᠡᠵᠤ ᠠᠩᠬᠢᠯᠠᠳᠠᠭ᠃ ᠮᠤᠩᠭᠤᠯ ᠪᠦᠭᠡ ᠶᠢᠨ ᠵᠤᠳᠤᠭ ᠤᠨ ᠳᠤᠪᠤᠷᠤᠤ ᠶᠢ ᠶᠡᠷᠦ ᠨᠢ 128᠂ 256᠂ | 512 ᠵᠡᠷᠭᠡ ᠪᠠᠷ ᠳᠤᠭᠳᠠᠭᠠᠵᠤ ᠪᠦᠭᠡ ᠶᠢᠨ ᠨᠤᠭᠤᠯᠤᠭᠠᠨ ᠤ ᠳᠤᠭ᠎ᠠ ᠪᠠᠷ ᠠᠰᠢᠭᠯᠠᠳᠠᠭ᠃ ᠵᠠᠭᠤ ᠬᠤᠷᠢᠨ ᠨᠠᠢᠮᠠᠨ | ᠳᠤᠪᠤᠷᠤᠤ ᠲᠠᠢ ᠵᠤᠳᠤᠭ ᠤᠨ ᠳᠤᠪᠤᠷᠤᠤ ᠨᠢ ᠨᠡᠯᠢᠶᠡᠳ ᠳᠤᠮᠤ ᠪᠠᠶᠢᠳᠠᠭ ᠪᠤᠯ ᠲᠠᠪᠤᠨ ᠵᠠᠭᠤ ᠠᠷᠪᠠᠨ ᠬᠤᠶᠠᠷ | ᠳᠤᠪᠤᠷᠤᠤ ᠲᠠᠢ ᠵᠤᠳᠤᠭ ᠤᠨ ᠳᠤᠪᠤᠷᠤᠤ ᠨᠢ ᠮᠠᠰᠢ ᠵᠢᠵᠢᠭ ᠪᠠᠶᠢᠳᠠᠭ᠃ ᠪᠠᠰᠠ ᠭᠤᠷᠪᠡᠨ ᠵᠠᠭᠤ ᠭᠤᠴᠢᠨ ᠭᠤᠷᠪᠠᠨ | ᠳᠤᠪᠤᠷᠤᠤ ᠲᠠᠢ ᠵᠤᠳᠤᠭ ᠪᠠᠶᠢᠳᠠᠭ ᠭᠡᠵᠤ ᠵᠤᠳᠤᠭ ᠤᠨ ᠦᠨᠳᠦᠰᠦᠨ ᠦᠪᠯᠡᠭᠴᠢ ᠠᠯᠳᠠᠨᠪᠤᠯᠤᠳ ᠬᠠᠭᠤᠴᠢᠯᠠᠵᠤ | ᠪᠠᠶᠢᠯ᠎ᠠ᠃ ᠭᠡᠳᠡᠯ᠎ᠡ ᠡᠭᠦᠨ ᠤ ᠳᠤᠳᠤᠷᠬᠠᠢ ᠤᠳᠬ᠎ᠠ ᠤᠴᠢᠷ ᠢ ᠨᠡᠭᠡᠭᠡᠭᠦ ᠪᠤᠯᠤᠮᠵᠢ ᠬᠠᠷᠠᠬᠠᠨ ᠪᠦᠷᠢᠯᠳᠤᠭᠡ ᠦᠭᠡᠢ | ᠪᠠᠶᠢᠭᠰᠠᠭᠠᠷ᠃ ᠳᠤᠪᠤᠷᠤᠤ ᠶᠢ ᠤᠤᠯ ᠨᠢ ᠮᠦᠩᠬᠦ ᠪᠠᠷ ᠭᠤᠤᠯᠲᠠᠢ ᠬᠢᠵᠤ ᠪᠠᠰᠠ ᠠᠯᠳᠠᠨ ᠳᠤᠪᠤᠷᠤᠤ ᠪᠠᠶᠢᠯ᠎ᠠ ᠬᠡᠭᠦ | ᠬᠠᠭᠤᠴᠢ ᠴᠤ ᠪᠠᠶᠢᠳᠠᠭ᠃ ︽ᠠᠯᠳᠠᠨ ᠮᠦᠩᠭᠦᠨ ᠳᠤᠪᠤᠷᠤᠤ ᠨᠢ ᠠᠷᠤ ᠨᠢᠷᠤᠭᠤᠨ ᠳᠤ ᠨᠢ ᠬᠢᠯᠠᠯᠵᠠᠭᠠᠳ᠂᠂᠂᠂︾ | ᠭᠡᠳᠡᠭ ᠲᠠᠭᠤᠤ ᠠᠴᠠ ᠦᠵᠡᠭᠦ ᠳᠤ ᠮᠤᠩᠭᠤᠯᠴᠤᠳ ᠠᠯᠳᠠᠨ ᠳᠤᠪᠤᠷᠤ ᠲᠠᠢ ᠵᠤᠳᠤᠭ ᠡᠳ᠋ᠯᠡᠵᠤ ᠪᠠᠶᠢᠭᠰᠠᠨ ᠪᠠᠶᠢᠵᠤ | ᠪᠤᠯᠤᠨ᠎ᠠ᠃ ᠤᠳᠤ ᠳᠤᠪᠤᠷᠤᠤ ᠶᠢᠨ ᠬᠤᠪᠢ ᠳᠤ ︽ᠴᠠᠭᠠᠨ ᠭᠠᠤᠯᠢ︾ ᠭᠡᠳᠡᠭ ᠮᠡᠲ᠋ᠧᠷᠢᠶᠠᠯ ᠢᠶᠠᠷ ᠭᠤᠤᠯᠲᠠᠢ ᠬᠢᠳᠡᠭ | ᠪᠤᠯᠤᠭᠰᠠᠨ ᠪᠠᠶᠢᠨ᠎ᠠ᠃ | ᠠᠰᠢᠭᠯᠠᠭᠰᠠᠨ ᠮᠡᠲ᠋ᠧᠷᠢᠶᠠᠯ ᠢᠶᠠᠷ ᠨᠢ ᠪᠦᠰ ᠵᠤᠳᠤᠭ ᠪᠤᠶᠤ ᠰᠢᠷᠢᠨ ᠵᠤᠳᠤᠭ ᠭᠡᠵᠤ ᠠᠩᠬᠢᠯᠠᠨ᠎ᠠ᠃ ᠡᠷᠪᠡᠭᠡᠢ | ᠵᠤᠳᠤᠭ ᠢ ᠪᠠᠰᠠ ︽ᠰᠢᠷᠢᠨ ᠵᠤᠳᠤᠭ︾ ᠭᠡᠵᠤ ᠴᠤ ᠨᠡᠷᠡᠯᠡᠳᠡᠭ᠃ ᠲᠡᠷᠡ ᠨᠢ ᠦᠭᠡᠷ ᠤᠨ ᠰᠠᠶᠢᠨ ᠰᠢᠷᠢ ᠪᠠᠷ | ᠦᠢᠯᠡᠳᠳᠡᠭ ᠤᠨ ᠤᠴᠢᠷ ᠲᠡᠶᠢᠮᠤ ᠨᠡᠷ᠎ᠡ ᠲᠠᠢ ᠪᠤᠯᠤᠭᠰᠠᠨ ᠪᠠᠶᠢᠳᠠᠭ᠃ ᠰᠢᠷᠢᠨ ᠵᠤᠳᠤᠭ ᠨᠢ ᠰᠢᠯᠢ ᠶᠢᠨ ᠭᠤᠤᠯ | ᠢᠶᠠᠷ ᠲᠦᠪᠯᠡᠭᠰᠡᠨ ᠤᠷᠤᠨ ᠪᠦᠰᠨ ᠪᠠᠷ ᠨᠡᠶᠢᠳᠡᠮ ᠠᠰᠢᠬᠯᠠᠳᠠᠭ ᠪᠤᠯᠬᠤᠷ ︽ᠰᠢᠯᠢ ᠶᠢᠨ ᠭᠤᠤᠯ ᠤᠨ ᠰᠢᠷᠢᠨ | ᠵᠤᠳᠤᠭᠳᠠᠨ︾ ᠭᠡᠰᠡᠨ ᠰᠠᠶᠢᠬᠠᠨ ᠠᠯᠲᠠᠷ ᠲᠠᠢ ᠪᠤᠯᠤᠭᠰᠠᠨ ᠪᠠᠶᠢᠳᠠᠭ᠃ ᠬᠠᠯᠬ᠎ᠠ ᠵᠤᠳᠤᠭ ᠨᠢ ᠪᠦᠰ᠂ ᠮᠢᠨᠳᠠᠰᠤ | ᠵᠡᠷᠭᠡ ᠪᠠᠷ ᠤᠷᠠᠯᠠᠵᠤ ᠪᠦᠳᠦᠭᠡᠭᠰᠡᠨ ᠪᠤᠯᠬᠤᠷ ᠪᠢᠳᠡ ᠳᠡᠭᠦᠨ ᠢ ᠪᠦᠰ ᠵᠤᠳᠤᠭ ᠭᠡᠮᠡᠨ ᠨᠡᠷᠡᠯᠡᠳᠡᠭ᠃ ᠮᠤᠩᠭᠤᠯ ᠪᠦᠭᠡ | ᠶᠢᠨ ᠡᠷᠪᠡᠬᠡᠢ ᠵᠤᠳᠤᠭ ᠢ ᠳᠡᠭᠡᠷ᠎ᠡ ᠦᠶ᠎ᠡ ᠳᠤ ᠪᠠᠰᠠ ᠪᠦᠰ ᠢᠶᠠᠷ ᠬᠢᠵᠤ ᠪᠠᠶᠢᠭᠰᠠᠨ ᠳᠡᠮᠳᠡᠭᠯᠡᠯ ᠪᠠᠶᠢᠳᠠᠭ᠃ ᠦᠨᠦ | ᠦᠶ᠎ᠡ ᠪᠤᠯᠤᠭᠠᠳ ᠪᠦᠷ ᠢᠵᠢᠯᠭᠡᠨ ᠲᠦᠪᠰᠢᠨ ᠳᠤ ᠰᠢᠷᠢ ᠪᠠᠷ ᠬᠢᠳᠡᠭ ᠪᠤᠯᠵᠠᠢ᠃ ᠬᠠᠯᠬ᠎ᠠ ᠪᠦᠭᠡ ᠶᠢᠨ ᠵᠤᠳᠤᠭ ᠨᠢ | ᠪᠦᠰ ᠢᠶᠠᠷ ᠦᠢᠯᠡᠳᠦᠳᠡᠭ ᠪᠦᠭᠡᠳ ᠬᠠᠨᠴᠤᠢ ᠨᠢ ᠮᠠᠰᠢ ᠤᠷᠳᠤ ᠪᠠᠶᠢᠳᠠᠭ ᠪᠤᠯ ᠮᠤᠩᠭᠤᠯ ᠪᠦᠭᠡ ᠶᠢᠨ ᠡᠷᠪᠡᠭᠡᠢ | ᠵᠤᠳᠤᠭ ᠨᠢ ᠰᠢᠷᠢ ᠪᠠᠷ ᠬᠢᠵᠤ ᠬᠠᠨᠴᠤᠢ ᠨᠢ ᠳᠤᠩ ᠪᠠᠭ᠎ᠠ ᠦᠯᠡᠳᠡᠭᠡᠭᠰᠡᠨ ᠪᠠᠶᠢᠳᠠᠭ᠃ ᠬᠤᠶᠠᠷ ᠪᠦᠰᠡ ᠨᠤᠳᠤᠭ | ᠤᠨ ᠵᠤᠳᠤᠭ ᠤᠨ ᠤᠴᠢᠷ ᠤᠳᠬ᠎ᠠ ᠶᠢᠨ ᠬᠤᠪᠢ ᠳᠤ ᠢᠵᠢᠯᠭᠡᠨ ᠪᠠᠶᠢᠳᠠᠭ ᠴᠤ ᠬᠢᠵᠤ ᠪᠦᠳᠦᠭᠡᠭᠦ ᠰᠡᠳᠬᠢᠬᠦᠢ ᠶᠢᠨ | ᠬᠤᠪᠢ ᠳᠤ ᠦᠪᠤᠷ ᠮᠤᠩᠭᠤᠯ ᠨᠢ ᠤᠯᠠᠮᠵᠢᠯᠠᠯ ᠢ ᠭᠤᠤᠯᠴᠢᠯᠠᠵᠤ ᠠᠷᠤ ᠬᠠᠯᠬ᠎ᠠ ᠨᠢ ᠰᠢᠨᠡᠴᠢᠯᠡᠯ ᠢ ᠭᠤᠤᠯᠴᠢᠯᠠᠵᠤ | ᠬᠤᠭᠤᠷᠤᠨᠳᠤ ᠪᠠᠨ ᠮᠠᠰᠢ ᠶᠡᠭᠡ ᠵᠦᠷᠢᠶ᠎ᠡ ᠲᠠᠢ ᠪᠠᠶᠢᠳᠠᠭ᠃ | ᠵᠤᠳᠤᠭ ᠲᠤ ᠮᠠᠰᠢ ᠬᠦᠨ ᠪᠡᠯᠭᠡᠳᠡᠯ ᠤᠨ ᠰᠢᠨᠵᠢ ᠤᠷᠤᠰᠢᠳᠠᠭ᠃ ᠵᠤᠳᠤᠭ ᠲᠤ ᠳᠤᠪᠤᠷᠤᠤ ᠠᠰᠢᠭᠯᠠᠬᠤ | ᠭᠡᠳᠡᠭ ᠨᠢ ᠡᠷᠳᠡᠨ ᠤ ᠴᠡᠷᠢᠭ ᠵᠠᠩᠵᠤᠨ ᠤ ᠪᠡᠶ᠎ᠡ ᠬᠠᠮᠠᠭᠠᠯᠠᠯᠳᠠ ᠶᠢᠨ ᠬᠤᠶᠠᠭ ᠳᠤᠭᠤᠯᠭ᠎ᠠ ᠶᠢᠨ ᠦᠨᠳᠦᠰᠦᠨ | ᠤᠶᠢᠯᠠᠭᠠᠯᠳᠠ ᠠᠴᠠ ᠡᠶᠢᠮᠤ ᠰᠡᠳᠬᠢᠮᠵᠢ ᠢᠷᠡᠭᠰᠡᠨ ᠪᠤᠯᠤᠯᠲᠠᠢ ᠭᠡᠵᠤ ᠪᠢ ᠳᠦᠰᠦᠭᠡᠯᠡᠳᠡᠭ᠃ ᠡᠶᠢᠮᠤ ᠠᠴᠠ ᠡᠭᠦᠨ | ᠳᠤ ᠴᠡᠷᠢᠭ ᠡᠷ᠎ᠡ ᠶᠢᠨ ᠡᠷᠡᠯᠭᠡᠭ ᠪᠠᠭᠠᠳᠤᠷᠯᠢᠭ ᠨᠤᠭᠤᠷᠠᠰᠢ ᠦᠭᠡᠢ ᠳᠡᠮᠡᠴᠡᠳᠡᠭ ᠵᠤᠷᠢᠭ ᠤᠨ ᠪᠡᠯᠭᠡᠳᠡᠯ ᠪᠤᠯᠵᠤ ᠤᠳᠤ | ᠴᠤ ᠮᠦᠨ ᠬᠤᠶᠠᠭ ᠳᠤᠭᠤᠯᠭ᠎ᠠ ᠶᠢᠨ ᠭᠡᠯᠪᠡᠷᠢ ᠶᠢᠨ ᠤᠯᠠ ᠮᠦᠷ ᠢᠶᠠᠨ ᠬᠠᠳᠠᠭᠠᠯᠠᠭᠰᠠᠭᠠᠷ ᠪᠠᠶᠢᠳᠠᠭ᠃ ᠲᠠᠬᠢᠪᠠᠯ | ᠳᠡᠭᠦᠨ ᠤ ᠳᠤᠳᠤᠷᠬᠠᠢ ᠭᠡᠮᠵᠢᠶᠠᠨ ᠤ ᠪᠡᠯᠭᠡᠳᠡᠯ ᠵᠦᠢ ᠶᠢᠨ ᠠᠭᠤᠯᠬᠤᠨ ᠳᠤ ᠵᠤᠳᠤᠭ ᠤᠨ ︽ᠳᠤᠯᠢ︾ ᠤᠷᠤᠳᠠᠭ᠃ | ᠶᠡᠷᠤᠩᠬᠢ ᠳᠡᠭᠡᠨ ᠵᠤᠳᠤᠭ ᠤᠨ ᠳᠤᠯᠢ ᠶᠢ ᠡᠷᠳᠡ ᠦᠶ᠎ᠡ ᠠᠴᠠ ᠡᠳᠤᠭᠡ ᠪᠤᠯᠳᠠᠯ᠎ᠠ ᠲᠦᠷᠪᠡᠨ ᠭᠦᠴᠦᠳᠡᠨ ᠤ ᠵᠢᠷᠤᠭ | ᠢᠶᠠᠷ ᠭᠤᠤᠯ ᠪᠤᠯᠭᠠᠨ ᠵᠠᠷᠢᠮ ᠵᠤᠳᠤᠭ ᠲᠤ ᠪᠠᠰᠠ ᠨᠠᠷᠠ ᠰᠠᠷ᠎ᠠ ᠭᠠᠯ ᠤᠨ ᠪᠡᠯᠭᠡᠳᠡᠯ ᠴᠤ ᠬᠠᠷᠠᠭᠳᠠᠳᠠᠭ᠃ ᠡᠳᠡᠭᠡᠷ | ᠵᠦᠢᠯ ᠢ ᠵᠤᠳᠤᠭ ᠤᠨ ᠳᠤᠯᠢ ᠪᠤᠯᠭᠠᠨ ᠬᠢᠵᠤ ᠮᠤᠩᠭᠤᠯᠴᠤᠳ ᠤᠨ ᠭᠦᠴᠦᠨ ᠳᠡᠭᠦᠰ ᠡᠷᠳᠡᠮ ᠤᠬᠠᠭᠠᠨᠲᠠᠢ ᠪᠠᠶᠢᠳᠠᠭ | ᠢ ᠪᠡᠯᠭᠡᠳᠡᠨ᠂ ᠨᠢᠴᠤᠵᠤ ᠪᠤᠴᠠᠰᠢ ᠦᠭᠡᠢ ᠡᠷᠡᠯᠭᠡᠭ ᠵᠤᠷᠢᠭ ᠰᠦᠰᠦ ᠶᠢ ᠬᠠᠷᠠᠭᠤᠯᠳᠠᠭ ᠪᠠᠶᠢᠨ᠎ᠠ᠃ ᠡᠨᠡ ᠪᠤᠯ | ᠮᠤᠩᠭᠤᠯ ᠪᠦᠭᠡ ᠶᠢᠨ ᠵᠤᠳᠤᠭ ᠤᠨ ᠦᠪᠡᠷᠮᠢᠴᠡ ᠤᠨᠴᠠᠯᠢᠭ ᠰᠢᠨᠵᠢ ᠶᠢᠨ ᠨᠢᠭᠡ ᠲᠠᠯ᠎ᠠ ᠪᠠᠶᠢᠭ᠎ᠠ ᠶᠤᠮ᠃ ᠲᠦᠷᠪᠡᠨ | ᠭᠦᠴᠦᠳᠡᠨ ᠢᠶᠠᠷ ᠪᠡᠯᠭᠡᠳᠡᠯ ᠪᠤᠯᠭᠠᠵᠤ ᠪᠠᠶᠢᠨ᠎ᠠ ᠭᠡᠳᠡᠭ ᠪᠤᠯ ᠳᠡᠤᠭᠡᠨ ᠤᠯᠠᠮᠵᠢᠯᠠᠯ ᠲᠠᠢ ᠬᠤᠯᠪᠤᠭ᠎ᠠ ᠲᠠᠢ᠃ ᠦᠨᠢ | ᠡᠷᠳᠡ ᠠᠴᠠ ᠮᠤᠩᠭᠤᠯᠴᠤᠳ ᠲᠦᠷᠪᠡᠨ ᠬᠦᠴᠦᠳᠡᠨ ᠢ ᠰᠢᠳᠤᠵᠤ ᠳᠡᠭᠡᠳᠤᠯᠡᠵᠤ ᠳᠡᠭᠦᠨ ᠢ ᠠᠪᠳᠠᠷ᠎ᠠ ᠬᠤᠷᠭᠤ᠂ | ᠶᠠᠭᠤ ᠨᠢᠭᠡ ᠳᠡᠭᠡᠷ᠎ᠡ ᠪᠠᠨ ᠰᠡᠶᠢᠯᠵᠤ ᠮᠤᠩᠭᠤᠯᠴᠤᠳ ᠤᠨ ᠳᠤᠮᠳᠠ ᠪᠠᠶᠢᠯᠭᠠᠭᠰᠠᠭᠠᠷ ᠢᠷᠡᠭᠰᠡᠨ ᠨᠢ ᠮᠤᠩᠭᠤᠯᠴᠤᠳ | ᠤᠨ ᠪᠡᠯᠭᠡᠳᠡᠯ ᠵᠦᠢ ᠶᠢᠨ ᠤᠶᠢᠯᠠᠭᠠᠯᠳᠠ ᠲᠠᠨᠢᠯᠳᠠ ᠲᠠᠢ ᠬᠤᠯᠪᠤᠭ᠎ᠠ ᠲᠠᠢ ᠶᠤᠮ᠃ ᠡᠨᠡᠭᠦ ᠤᠯᠠᠮᠵᠢᠯᠠᠯ ᠮᠤᠩᠭᠤᠯ | ᠪᠦᠭᠡ ᠶᠢᠨ ᠵᠤᠳᠤᠭ ᠲᠤ ᠪᠠᠰᠠ ᠦᠯᠡᠳᠡᠨ ᠬᠤᠴᠤᠷᠤᠭᠰᠠᠨ ᠨᠢ ᠨᠢᠭᠡ ᠭᠠᠶᠢᠬᠠᠮᠰᠢᠭ ᠶᠤᠮ᠃ ᠤᠳᠤ ᠦᠶ᠎ᠡ | ᠭᠦᠷᠦᠭᠡᠳ ᠵᠠᠷᠢᠮ ᠪᠦᠭᠡᠴᠢᠳ ᠦᠪᠡᠷ ᠤᠨ ᠰᠠᠨᠠᠭᠠᠴᠢᠯᠭ᠎ᠠ ᠪᠤᠶᠤ ᠳᠤᠷᠠᠰᠢᠯ ᠠᠴᠠ ᠪᠠᠨ ᠤᠪᠤᠭ ᠭᠠᠷᠪᠠᠯᠢ ᠶᠢᠨ ᠨᠡᠷ᠎ᠡ | ᠪᠠᠨ ᠵᠤᠳᠤᠭ ᠤᠨ ᠳᠤᠯᠢ ᠳᠡᠭᠡᠷ᠎ᠡ ᠰᠡᠶᠢᠯᠭᠦ ᠪᠤᠶᠤ ᠨᠤᠳᠤᠭ ᠤᠰᠤᠨ ᠤ ᠨᠡᠷ᠎ᠡ ᠪᠠᠨ ᠰᠡᠶᠢᠯᠭᠦ ᠭᠡᠳᠡᠭ ᠵᠦᠭ | ᠭᠦᠭᠵᠢᠵᠤ ᠪᠠᠶᠢᠭ᠎ᠠ ᠶᠤᠮ᠃ ᠡᠨᠡ ᠨᠢ ᠮᠦᠨ ᠠᠰᠣᠷᠣ ᠳᠤᠮᠤ ᠪᠡᠯᠭᠡᠳᠡᠯ ᠤᠨ ᠤᠳᠬ᠎ᠠ ᠰᠠᠨᠠᠭ᠎ᠠ ᠲᠠᠢ ᠪᠠᠶᠢᠳᠠᠭ᠃ | ᠮᠤᠩᠭᠤᠯ ᠪᠦᠭᠡ ᠨᠤᠳᠤᠭ ᠢᠶᠠᠷ ᠢᠶᠠᠨ ᠤᠪᠤᠭᠯᠠᠵᠤ ᠪᠠᠷᠢᠯᠳᠤᠳᠠᠭ ᠪᠤᠯᠬᠤᠷ ᠵᠤᠳᠤᠭ ᠤᠨ ᠳᠤᠯᠢ ᠳᠡᠭᠡᠷ᠎ᠡ ᠨᠤᠳᠤᠭ | ᠤᠰᠤᠨ ᠤ ᠨᠡᠷ᠎ᠡ ᠶᠢ ᠳᠡᠮᠳᠡᠭᠯᠡᠵᠤ ᠲᠠᠯᠪᠢᠭᠰᠠᠨ ᠠᠴᠠ ᠳᠡᠷᠡᠭᠦ ᠨᠤᠳᠤᠭ ᠤᠨ ᠠᠯᠳᠠᠷ ᠬᠠᠮᠢᠭ᠎ᠠ ᠭᠠᠵᠠᠷ ᠲᠠᠭᠤᠷᠢᠰᠤᠨ | ᠡᠨᠡᠭᠦ ᠪᠦᠭᠡ ᠪᠠᠷ ᠪᠠᠭ᠋ᠠᠷᠬᠠᠬᠤ ᠰᠡᠳᠬᠢᠯᠭᠡ ᠡᠭᠦᠰᠳᠡᠭ ᠪᠠᠶᠢᠨ᠎ᠠ᠃ ᠡᠨᠡ ᠪᠤᠯ ᠨᠤᠳᠤᠭ ᠤᠰᠤ ᠪᠠᠨ ᠳᠡᠭᠡᠳᠤᠯᠡᠭᠦ | ᠪᠡᠯᠭᠡᠳᠡᠯ ᠤᠨ ᠰᠢᠨᠵᠢ ᠶᠤᠮ᠃ ᠮᠤᠩᠭᠤᠯ ᠪᠦᠬᠡ ᠶᠢᠨ ᠵᠤᠳᠤᠭ ᠤᠨ ᠳᠤᠯᠢ ᠶᠢ ᠶᠡᠬᠡᠩᠭᠢ ᠳᠡᠭᠡᠨ ᠳᠤᠭᠤᠷᠢᠭ ᠭᠡᠯᠪᠡᠷᠢ | ᠲᠠᠢ ᠬᠢᠳᠡᠭ ᠪᠦᠭᠡᠳ ᠭᠡᠷᠡᠭᠴᠡᠭᠡ ᠪᠠᠨ ᠦᠨᠳᠦᠰᠦᠯᠡᠨ ᠬᠠᠶᠠ ᠵᠠᠷᠢᠮ ᠳᠠᠭᠠᠨ ᠲᠡᠭᠰᠢ ᠲᠦᠷᠪᠡᠯᠵᠢᠨ᠂ ᠤᠷᠳᠤ | ᠲᠦᠷᠪᠡᠯᠵᠢᠨ ᠭᠡᠯᠪᠡᠷᠢ ᠶᠢ ᠴᠤ ᠠᠰᠢᠬᠯᠠᠳᠠᠭ᠃ ᠲᠦᠷᠪᠡᠯᠵᠢᠨ ᠭᠡᠯᠪᠡᠷᠢ ᠨᠢ ᠡᠭᠡ ᠭᠠᠵᠠᠷ ᠢ ᠪᠡᠯᠭᠡᠳᠡᠵᠤ ᠳᠤᠭᠤᠷᠢᠭ | ᠭᠡᠯᠪᠡᠷᠢ ᠨᠢ ᠡᠴᠢᠭᠡ ᠲᠡᠭᠷᠢ ᠨᠠᠷᠠ ᠰᠠᠷ᠎ᠠ ᠶᠢ ᠪᠡᠯᠭᠡᠳᠡᠳᠡᠭ ᠭᠡᠵᠤ ᠨᠠᠰᠤᠳᠠᠳ ᠬᠠᠭᠤᠴᠢᠯᠠᠳᠠᠭ᠃ | ᠮᠤᠩᠭᠤᠯ ᠪᠦᠭᠡ ᠶᠢᠨ ᠵᠤᠳᠤᠭ ᠨᠢ ᠮᠠᠰᠢ ᠭᠦᠨᠳᠤ ᠴᠢᠬᠢᠮᠠᠢ ᠪᠠᠶᠢᠭᠰᠠᠨ ᠠᠴᠠ ᠪᠠᠨ ᠤᠳᠤ ᠦᠶ᠎ᠡ ᠳᠤ | ᠢᠷᠡᠭᠡᠳ ᠮᠠᠰᠢ ᠭᠦᠩᠭᠡᠷᠡᠭᠰᠡᠨ ᠪᠠᠶᠢᠳᠠᠯ ᠪᠢᠳᠡᠨ ᠳᠤ ᠠᠵᠢᠬᠯᠠᠭᠳᠠᠳᠠᠭ᠃ ᠪᠢᠳᠡᠭᠦᠤ ᠡᠩᠭᠡᠷ ᠲᠠᠢ ᠰᠢᠷᠢᠨ ᠵᠤᠳᠤᠭ | ᠤᠨ ᠦᠶ᠎ᠡ ᠳᠤ ᠭᠦᠮᠦᠰ ᠶᠠᠭ ᠯᠡ ᠳᠤᠭᠤᠯᠭ᠎ᠠ ᠡᠮᠦᠰᠦᠭᠰᠡᠨ ᠶᠠᠩᠵᠤ ᠲᠠᠢ ᠪᠠᠶᠢᠭᠰᠠᠨ ᠪᠤᠯ ᠤᠳᠤ ᠦᠶ᠎ᠡ ᠳᠤ | ᠭᠦᠷᠴᠤ ᠢᠷᠡᠭᠡᠳ ᠮᠠᠰᠢ ᠶᠡᠭᠡ ᠵᠦᠢᠯ ᠨᠢ ᠭᠡᠷᠡᠭᠴᠡᠭᠡ ᠠᠴᠠ ᠪᠤᠯᠵᠤ ᠰᠢᠨᠡᠴᠢᠯᠡᠭᠳᠡᠭᠰᠡᠨ ᠪᠠᠶᠢᠳᠠᠭ᠃ ᠡᠨᠡ ᠨᠢ | ᠳᠡᠯᠡᠭᠡᠢ ᠨᠡᠶᠢᠳᠡᠴᠢ ᠪᠠᠶᠢᠳᠠᠯ ᠳᠤ ᠤᠶᠢᠷᠠᠳᠤᠨ ᠲᠠᠰᠴᠤ ᠪᠠᠶᠢᠭ᠎ᠠ ᠲᠦᠯᠦᠪ ᠬᠠᠷᠠᠭᠳᠠᠳᠠᠭ᠃ | ᠮᠤᠩᠭᠤᠯ ᠪᠦᠭᠡ ᠶᠢᠨ ᠵᠤᠳᠤᠭ ᠲᠤ ᠮᠠᠰᠢ ᠬᠦᠨᠵᠡᠭᠡᠢ ᠭᠦᠨᠳᠦᠯᠡᠯ ᠤᠨ ᠤᠴᠢᠷ ᠤᠳᠬ᠎ᠠ ᠤᠷᠤᠰᠢᠳᠠᠭ᠃ | ᠪᠦᠭᠡ ᠭᠦᠮᠦᠨ ᠵᠤᠳᠤᠭ ᠢᠶᠠᠨ ᠳᠡᠭᠡᠳᠤᠯᠡᠵᠤ ᠬᠦᠯ ᠬᠤᠷᠢᠭ ᠲᠠᠢ ᠭᠠᠵᠠᠷ ᠡᠪᠬᠢᠵᠤ ᠲᠠᠯᠪᠢᠳᠠᠭ᠃ ᠰᠠᠶᠢᠨ ᠪᠦᠭᠡ | ᠵᠤᠳᠤᠭ ᠢᠶᠠᠨ ᠪᠠᠷᠤᠭ ᠤᠨ ᠭᠦᠮᠦᠨ ᠳᠤ ᠵᠢᠭᠡᠯᠡᠭᠦᠯᠵᠤ ᠡᠮᠦᠰᠭᠡᠳᠡᠭ ᠦᠭᠡᠢ᠃ ᠬᠡᠷᠪᠡ ᠵᠢᠭᠡᠯᠡᠭᠦᠯᠭᠦ ᠳᠤ ᠭᠦᠷᠪᠡᠯ | ᠦᠪᠡᠷ ᠤᠨ ᠳᠤᠭᠤᠳᠠᠭ ᠢᠷᠡᠭᠡᠳᠤᠢ ᠲᠠᠢ ᠵᠠᠯᠠᠭᠤ ᠳᠤ ᠡᠮᠦᠰᠭᠡᠵᠤ ᠪᠤᠯᠳᠠᠭ ᠵᠠᠩᠰᠢᠯ ᠪᠤᠢ᠃ ᠵᠤᠳᠤᠭ ᠢ ᠰᠢᠷᠤᠢ | ᠳᠡᠭᠡᠷ᠎ᠡ ᠲᠠᠯᠪᠢᠬᠤ ᠦᠭᠡᠢ ᠵᠠᠩᠰᠢᠯ ᠪᠠᠶᠢᠳᠠᠭ ᠤᠴᠢᠷ ᠠᠴᠠ ᠪᠠᠷᠢᠯᠳᠤᠬᠤ ᠦᠭᠡᠢ ᠦᠶ᠎ᠡ ᠳᠤ ᠪᠦᠰᠡᠯᠡᠵᠤ ᠶᠠᠪᠤᠳᠠᠭ᠃ | ᠨᠡᠩ ᠴᠤ ᠵᠤᠳᠤᠭ ᠳᠡᠭᠡᠷ᠎ᠡ ᠰᠠᠭᠤᠬᠤ ᠪᠤᠯ ᠮᠠᠰᠢ ᠭᠦᠨᠳᠦᠯᠡᠯ ᠦᠭᠡᠢ ᠦᠢᠯᠡᠳᠤᠯ ᠶᠤᠮ᠃ ᠪᠠᠷᠢᠯᠳᠤᠬᠤ ᠪᠠᠷ | ᠵᠤᠳᠤᠭᠯᠠᠵᠤ ᠪᠤᠢ ᠪᠦᠭᠡ ᠶᠢᠨ ᠵᠤᠳᠤᠭ ᠤᠨ ᠰᠡᠨᠵᠢ ᠠᠴᠠ ᠪᠠᠷᠢᠬᠤ ᠵᠡᠷᠭᠡ ᠪᠤᠯ ᠴᠡᠭᠡᠷ ᠲᠠᠢ ᠶᠤᠮ᠃ | ᠮᠤᠩᠭᠤᠯ ᠪᠦᠭᠡ ᠶᠢᠨ ᠵᠤᠳᠤᠭ ᠤᠨ ᠭᠦᠭᠵᠢᠯ ᠠᠴᠠ ᠮᠤᠩᠭᠤᠯ ᠪᠦᠭᠡ ᠶᠢᠨ ᠭᠦᠭᠵᠢᠯ ᠬᠠᠷᠠᠭᠳᠠᠳᠠᠭ᠃ | ᠮᠤᠩᠭᠤᠯ ᠪᠦᠭᠡ ᠶᠢᠨ ᠵᠤᠳᠤᠭ ᠨᠢ ᠲᠠᠶᠠᠭᠠᠷ ᠮᠤᠩᠭᠤᠯᠴᠤᠳ ᠤᠨ ᠪᠦᠭᠡ ᠶᠢᠨ ᠪᠠᠷᠢᠯᠳᠤᠭᠠᠨ ᠳᠤ ᠳᠤᠳᠠᠭᠳᠠᠵᠤ | ᠪᠤᠯᠤᠰᠢ ᠦᠭᠡᠢ ᠨᠡᠶᠢᠳᠡᠮ ᠤᠨ ᠬᠡᠷᠡᠭᠯᠡᠭᠡ ᠪᠤᠯᠤᠭᠰᠠᠨ ᠤ ᠬᠤᠪᠢ ᠳᠤ ᠳᠡᠭᠦᠨ ᠢ ᠠᠰᠢᠬᠯᠠᠬᠤ ᠳᠡᠭᠦᠨ ᠢ ᠰᠢᠨᠡᠴᠢᠯᠡᠭᠦ | ᠨᠢ ᠭᠡᠷᠡᠭᠴᠡᠭᠡ ᠠᠴᠠ ᠱᠠᠭᠠᠷᠳᠠᠭᠳᠠᠭᠰᠠᠨ ᠪᠠᠶᠢᠬᠤ ᠶᠤᠰᠤ ᠲᠠᠢ᠃ ᠬᠠᠷᠢᠨ ᠦᠨᠦᠳᠤᠷ ᠤᠨ ᠬᠢ ᠰᠢᠭ ᠰᠠᠨᠠᠭᠠᠨ | ᠳᠤᠷ᠎ᠡ ᠪᠠᠷ ᠢᠶᠠᠨ ᠦᠭᠡᠷᠡᠴᠢᠯᠡᠭᠡᠳ ᠪᠠᠶᠢᠵᠤ ᠪᠤᠯᠬᠤ ᠦᠭᠡᠢ᠃ ᠪᠢᠳᠡ ᠡᠷᠳᠡ ᠦᠶ᠎ᠡ ᠠᠴᠠ ᠠᠪᠤᠭᠠᠳ ᠮᠤᠩᠭᠤᠯ | ᠪᠦᠭᠡ ᠶᠢᠨ ᠡᠯ᠎ᠡ ᠬᠡᠷᠡᠭᠴᠡᠭᠡᠨ ᠤ ᠵᠦᠢᠯ ᠳᠤ ᠰᠢᠨᠡᠴᠢᠯᠡᠯᠳᠡ ᠬᠢᠵᠤ ᠪᠠᠶᠢᠭᠰᠠᠨ ᠠᠴᠠ ᠪᠢᠰᠢ ᠦᠭᠡᠷᠡᠴᠢᠯᠡᠨ | ᠬᠤᠪᠢᠷᠠᠭᠤᠯᠵᠤ ᠪᠠᠶᠢᠭ᠎ᠠ ᠦᠭᠡᠢ ᠭᠡᠳᠡᠭ ᠢ ᠵᠤᠳᠤᠭ ᠤᠨ ᠳᠡᠤᠭᠡ ᠪᠢᠳᠡᠨ ᠳᠤ ᠶᠠᠷᠢᠵᠤ ᠪᠠᠶᠢᠨ᠎ᠠ᠃ ᠡᠶᠢᠮᠤ ᠰᠡᠷᠡᠯ | ᠰᠡᠳᠬᠢᠬᠦᠢ ᠲᠠᠢ ᠪᠠᠶᠢᠬᠤ ᠨᠢ ᠭᠦᠭᠵᠢᠯ ᠳᠤ ᠤᠶᠢᠷ᠎ᠡ ᠪᠠᠶᠢᠭ᠎ᠠ ᠶᠢᠨ ᠳᠡᠮᠳᠡᠭ ᠪᠤᠯᠬᠤ ᠠᠴᠠ ᠪᠢᠰᠢ ᠪᠠᠷᠢᠨ ᠲᠠᠯᠪᠢᠨ | ᠦᠭᠡᠷᠡᠴᠢᠯᠡᠭᠦ᠂ ᠬᠤᠪᠢᠷᠭᠠᠬᠤ ᠨᠢ ᠦᠰᠦᠳ ᠦᠭᠡᠷ᠎ᠡ ᠵᠦᠢᠯ ᠢ ᠪᠤᠢ ᠪᠤᠯᠭᠠᠬᠤ ᠠᠴᠠ ᠪᠢᠰᠢ ᠤᠯᠠᠮᠵᠢᠯᠠᠨ | ᠬᠠᠳᠠᠭᠠᠯᠠᠬᠤ ᠳᠤ ᠦᠢᠯᠡᠴᠢᠯᠡᠵᠤ ᠴᠢᠳᠠᠳᠠᠭ ᠦᠭᠡᠢ᠃ ᠪᠢᠳᠡ ᠪᠦᠭᠡ ᠪᠠᠨ ᠦᠪᠡᠷ ᠤᠨ ᠵᠠᠭᠪᠤᠷ ᠢᠶᠠᠷ ᠨᠢ ᠪᠠᠶᠢᠯᠭᠠᠬᠤ | ᠭᠡᠷᠡᠭᠲᠡᠢ᠃ ᠳᠡᠭᠦᠨ ᠢ ᠦᠪᠡᠷ ᠤᠨ ᠬᠢᠨᠢ ᠵᠢᠷᠤᠮ ᠤᠨ ᠲᠠᠭᠠᠤ ᠵᠠᠶᠠᠭ ᠲᠢᠭ᠋ ᠤᠨ ᠲᠠᠭᠠᠤ ᠦᠷᠭᠦᠯᠵᠢᠯᠡᠨ | ᠰᠠᠶᠢᠵᠢᠷᠠᠭᠤᠯᠤᠨ ᠰᠢᠨᠡᠴᠢᠯᠡᠭᠦ ᠭᠡᠷᠡᠭᠲᠡᠢ᠃ |