ᠬᠦᠷᠢᠶ᠎ᠡ ᠬᠤᠰᠢᠭᠤ ᠶᠢᠨ ︽ᠬᠦᠷᠢᠶ᠎ᠡ︾ ᠬᠡᠳᠡᠭ ᠨᠡᠷ᠎ᠡ ᠶᠢᠨ ᠢᠷᠡᠯᠳᠡ ᠶᠢ ᠤᠳᠤᠬᠠᠨ ᠳᠤ ᠳᠤᠤᠷᠠᠬᠢ ᠬᠡᠳᠤᠨ | ᠳᠠᠯ᠎ᠠ ᠪᠠᠷ ᠳᠠᠶᠢᠯᠪᠤᠷᠢ ᠬᠢᠵᠦ ᠪᠠᠶᠢᠨ᠎ᠠ᠃ | ᠨᠢᠭᠡ᠄ ᠬᠠᠰᠢᠶ᠎ᠠ ᠬᠦᠷᠢᠶ᠎ᠡ ᠶᠢᠨ ︽ᠬᠦᠷᠢᠶ᠎ᠡ︾ ᠪᠠᠷ ᠳᠠᠶᠢᠯᠪᠤᠷᠢ ᠬᠢᠵᠦ ᠪᠠᠶᠢᠨ᠎ᠠ᠃ ᠢᠩᠭᠢᠵᠦ ᠦᠵᠡᠬᠦ | ᠬᠦᠮᠤᠰ ᠤᠨᠦᠵᠡᠯᠳᠡ ᠶᠢᠨ ᠢᠷᠡᠯᠳᠡ ᠨᠢ ᠳᠤᠯᠢ ᠪᠢᠴᠢᠭ ᠤᠨ ᠳᠠᠶᠢᠯᠪᠤᠷᠢ᠃ | ᠬᠤᠶᠠᠷ᠄ ᠡᠪᠡᠰᠤᠨ ᠬᠦᠷᠢᠶ᠎ᠡ ᠶᠢᠨ ︽ᠬᠦᠷᠢᠶ᠎ᠡ︾ ᠠᠴᠠ ᠢᠷᠡᠯᠳᠠᠢ ᠬᠡᠵᠦ ᠦᠵᠡᠭᠰᠡᠳ ᠪᠤᠢ᠃ ᠵᠠᠷᠢᠮ | ᠬᠢᠳᠡᠳ ᠢᠶᠠᠷ ᠵᠤᠬᠢᠶᠠᠯ ᠪᠢᠴᠢᠳᠡᠭ ᠬᠦᠮᠤᠨ ︽ᠬᠦᠷᠢᠶ᠎ᠡ︾ ᠨᠢ ᠴᠢᠩ ᠤᠯᠤᠰ ᠤᠨ ᠮᠠᠯᠵᠢᠯ ᠤᠨ ᠳᠠᠯᠠᠪᠠᠢ ᠪᠤᠯᠵᠤ | ᠦᠩᠬᠡᠷᠡᠭᠰᠡᠨ ᠬᠡᠵᠦ ᠦᠵᠡᠭᠰᠡᠨ ᠳᠤ ᠤᠷᠤᠰᠢᠨ᠎ᠠ᠃ ᠡᠨᠡᠬᠦ ᠦᠵᠡᠯᠳᠡ ᠶᠢᠨ ᠢᠷᠡᠯᠳᠡ ᠨᠢ ︽ᠶᠠᠩ ᠰᠢᠪᠡᠭᠡ ᠊᠊᠊᠊᠊᠊ | ᠶᠠᠩᠰᠢᠪ ᠢ ᠬᠢᠳᠡᠳ ᠢᠶᠠᠷ ᠶᠠᠩ ᠰᠢᠤᠢ ᠮᠤ᠋ ᠬᠡᠵᠦ ᠳᠡᠮᠳᠡᠭᠯᠡᠵᠦ ᠪᠠᠶᠢᠬᠤ ᠶᠠᠪᠤᠳᠠᠯ ᠪᠤᠯᠤᠨ᠎ᠠ︾ ᠬᠡᠵᠠᠢ᠃ ᠡᠨᠡ ᠨᠢ | ᠤᠤᠯ ᠤᠨ ᠰᠦᠷᠦᠭ ᠤᠨ ᠬᠤᠰᠢᠭᠤ ᠪᠠ ᠬᠦᠷᠢᠶ᠎ᠡ ᠬᠤᠰᠢᠭᠤ ᠶᠢ ᠠᠳᠡᠭᠦᠷᠡᠨ᠂ ᠶᠠᠩ ᠰᠢᠤᠢ ᠮᠤ᠋ ᠪᠠ ᠶᠠᠩ ᠰᠢᠪᠡᠭᠡ | ᠶᠢ ᠠᠳᠡᠭᠦᠷᠡᠭᠰᠡᠨ ᠠᠴᠠ ᠪᠤᠯᠵᠠᠢ᠃ | ᠭᠤᠷᠪᠠ᠄ ︽ᠬᠦᠯᠢᠶᠡ︾ ᠠᠴᠠ ᠢᠷᠡᠯᠳᠠᠢ ᠭᠡᠵᠦ ᠦᠢᠯᠠᠭᠠᠬᠰᠠᠨ ᠳᠤ ᠶᠠᠫᠤᠨ ᠤᠯᠤᠰ ᠤᠨ ᠭᠤᠸᠠᠨ ᠳ᠋ᠦᠩ | ᠤᠨ ᠳ᠋ᠦᠳᠦ ᠹᠦ᠋ ᠶᠢᠨ ᠶᠠᠮᠤᠨ ᠠᠴᠠ ᠨᠠᠶᠢᠷᠠᠭᠤᠯᠤᠬᠰᠠᠨ ᠭᠠᠵᠠᠷ ᠨᠤᠳᠤᠭ ᠤᠨ ᠦᠢᠯᠠᠯᠭ᠎ᠠ ︽ᠵᠡᠭᠦᠨ ᠮᠤᠩᠭᠤᠯ ᠤᠨ | ᠤᠶᠢᠯᠠᠯᠭ᠎ᠠ︾ ᠳᠤ ︽ᠬᠦᠷᠢᠶ᠎ᠡ︾ ᠬᠡᠳᠡᠭ ᠨᠢ ︽ᠬᠦᠯᠢᠶᠡ︾ ᠠᠴᠠ ᠢᠷᠡᠯᠳᠠᠢ ᠬᠡᠨ᠎ᠡ᠃ ᠡᠨᠡ ᠬᠤᠶᠠᠷ ᠦᠰᠦᠭ | ᠪᠢᠴᠢᠯᠭᠡ ᠤᠨᠳᠤᠤ᠂ ᠳᠠᠭᠤᠳᠠᠯᠭ᠎ᠠ ᠠᠰᠳᠠᠭᠠᠨ᠂ ᠤᠳᠬ᠎ᠠ ᠢᠯᠭᠠᠭ᠎ᠠ ᠲᠠᠢ᠃ ᠮᠤᠩᠭᠤᠯ ᠬᠡᠯᠡᠨ ᠤ ︽ᠯᠠ︾ ᠪᠠ ︽ | ᠷᠠ︾ ᠶᠢᠨ ᠢᠯᠭᠠᠭ᠎ᠠ ᠶᠢ ᠳᠤᠳᠤᠷᠬᠠᠢ ᠤᠶᠢᠯᠠᠭᠠᠬᠰᠠᠨ ᠦᠬᠡᠢ ᠠᠴᠠ ᠪᠤᠯᠤᠬᠰᠠᠨ ᠠᠳᠡᠭᠦᠷᠡᠯ᠃ | ᠳᠦᠷᠪᠡ᠄ ︽ᠬᠦᠷᠢᠶ᠎ᠡ ᠰᠦᠮ᠎ᠡ ᠠᠴᠠ ᠢᠷᠡᠯᠳᠠᠢ︾ ᠬᠡᠵᠦ ᠦᠵᠡᠵᠦ ᠪᠠᠶᠢᠬᠤ᠃ ᠡᠨᠡ ᠨᠢ ᠬᠦᠷᠢᠶ᠎ᠡ ᠪᠠ | ᠰᠦᠮ᠎ᠡ ᠶᠢ ᠰᠢᠭᠤᠳ ᠬᠤᠯᠪᠤᠵᠦ᠂ ᠠᠮᠠᠨ ᠶᠠᠷᠢᠶᠠᠨ ︵ᠶᠡᠭᠡ ᠬᠦᠷᠢᠶ᠎ᠡ᠂ ᠪᠠᠭ᠎ᠠ ᠬᠦᠷᠢᠶ᠎ᠡ ᠨᠢ ᠪᠦᠷ ᠰᠦᠮ᠎ᠡ ᠬᠡᠶᠢᠳ | ᠲᠠᠢ ᠪᠠᠶᠢᠬᠰᠠᠨ︶ ᠤ ᠳᠠᠳᠬᠠᠯ ᠢ ᠠᠰᠢᠬᠯᠠᠬᠰᠠᠨ ᠳᠡᠳᠤᠢ︕ ᠮᠤᠩᠭᠤᠯ ᠭᠠᠵᠠᠷ ︽ ᠬᠦᠷᠢᠶ᠎ᠡ︾ ᠬᠡᠳᠡᠭ ᠨᠡᠷ᠎ᠡ ᠲᠠᠢ | ᠭᠠᠵᠠᠷ ᠪᠠᠶᠢᠬᠤ ᠯᠡ︕ ᠳᠡᠳᠡ ᠪᠦᠷ ᠰᠦᠮ᠎ᠠ ᠲᠠᠢ ᠬᠠᠮᠢᠶ᠎ᠠ ᠦᠭᠡᠢ ᠰᠢᠳᠡ︕ ᠡᠨᠡ ᠨᠢ ᠵᠦᠪᠬᠡᠨ ︽ᠤᠨᠴᠤᠭᠤᠢ | ᠦᠵᠡᠭᠳᠡᠯ︾ ᠢᠶᠠᠷ ︽ᠳᠦᠭᠡᠮᠡᠯ ᠦᠵᠡᠭᠳᠡᠯ︾ ᠢ ᠤᠷᠤᠭᠤᠯᠤᠬᠰᠠᠨ ᠤᠴᠢᠷ ᠳᠡᠳᠤᠢ ᠶᠤᠮ᠃ | ᠳᠠᠪᠤ᠄ ᠰᠢᠷᠡᠪ ᠯᠠᠮᠠ ᠤᠷᠬᠢᠮᠵᠢ ᠪᠠᠨ ᠳᠡᠬᠡᠭᠰᠢ ᠰᠢᠳᠡᠵᠤ᠂ ᠤᠷᠬᠢᠮᠵᠢ ᠶᠢᠨ ᠰᠡᠭᠦᠳᠡᠷ ᠳᠤᠰᠤᠬᠰᠠᠨ ᠭᠠᠵᠠᠷ ᠢ | ᠬᠦᠷᠢᠶᠡᠯᠡᠨ ᠠᠪᠤᠭᠠᠳ ︽ᠬᠦᠷᠢᠶ᠎ᠡ︾ ᠬᠡᠵᠦ ᠨᠡᠷᠡᠯᠡᠭᠰᠡᠨ ᠬᠡᠬᠦ ᠳᠤᠮᠤᠭ ᠶᠠᠷᠢᠶ᠎ᠠ᠃ ᠡᠨᠡ ᠨᠢ ᠱᠠᠰᠢᠨ ᠢ | ᠬᠦᠬᠡᠷᠬᠡᠳᠡᠵᠦ᠂ ᠰᠢᠷᠡᠪ ᠯᠠᠮᠠ ᠶᠢᠨ ᠤᠪᠢᠳᠤᠰ ᠢ ᠮᠠᠬᠳᠠᠬᠰᠠᠨ ᠤᠴᠢᠷ ᠪᠢᠵᠠ︕ 470 ᠭᠠᠷᠤᠢ ᠵᠢᠯ ᠤᠨ ᠡᠮᠤᠨ᠎ᠡ | ᠪᠠᠶᠢᠳᠤᠭᠠᠢ᠂ ᠤᠳᠤ ᠪᠤᠯᠤᠬᠰᠠᠨ ᠴᠤ ᠰᠢᠨᠵᠢᠯᠡᠭᠦ ᠤᠬᠠᠭᠠᠨ ᠢ ᠬᠡᠷᠡᠭᠯᠡᠬᠡᠳ ᠴᠦ ᠨᠢᠭᠡᠨ ᠤᠷᠬᠢᠮᠵᠢ ᠪᠠᠷ 3150 | ᠳᠡᠭᠰᠢ ᠳᠦᠷᠪᠡᠯᠵᠢᠨ ᠺᠢᠯᠤᠮᠧᠲᠷ ᠳᠠᠯᠠᠪᠠᠢ ᠲᠠᠢ ᠭᠠᠵᠠᠷ ᠨᠤᠳᠤᠭ ᠢ ᠬᠦᠷᠢᠶᠡᠯᠡᠨ ᠠᠪᠬᠤ ᠬᠡᠭᠴᠢ ᠭᠤᠷᠢ ᠦᠭᠡᠢ | ᠬᠡᠷᠡᠭ︕ | ᠵᠢᠷᠭᠤᠭ᠎ᠠ᠄ ᠴᠡᠷᠢᠭ ᠵᠠᠰᠠᠭ ᠢ ᠤᠳᠤᠷᠢᠳᠤᠳᠠᠭ ᠨᠤᠶᠠᠳ ᠬᠦᠷᠢᠶ᠎ᠡ ᠪᠠᠭᠤᠬᠰᠠᠨ ᠠᠴᠠ ︽ᠬᠦᠷᠢᠶ᠎ᠡ︾ ᠬᠡᠳᠡᠭ | ᠨᠡᠷ᠎ᠡ ᠪᠤᠢ ᠪᠤᠯᠤᠬᠰᠠᠨ ᠦᠵᠡᠯᠳᠡ᠃ ᠡᠨᠡ ᠨᠢ ᠤᠯᠳᠤᠢ ᠮᠢᠨᠤ ᠦᠵᠡᠯᠳᠡ︕ ᠦᠨᠳᠤᠰᠤᠯᠡᠯ ᠨᠢ ᠳᠤᠤᠷᠠᠬᠢ ᠮᠡᠳᠦ | ᠬᠡᠳᠤᠨ ᠳᠠᠯ᠎ᠠ᠄ | 1. 1547~1548 ᠤᠨ ᠤ ᠬᠤᠭᠤᠷᠤᠨᠳᠤ ᠤᠮᠠᠷᠠᠳᠤ ᠶᠤᠸᠠᠨ ᠤ ᠬᠦᠳᠡᠩ ᠳᠠᠷᠤᠬᠰᠠᠨ ᠬᠠᠭᠠᠨ ︵ | ᠵᠠᠷᠢᠮ ᠨᠤᠮ ᠳᠤ ᠳᠠᠷᠤᠶᠢᠰᠠᠨ ᠬᠦᠳᠡᠩ᠂ ᠬᠦᠳᠡᠨ ᠳᠠᠷᠤᠬᠰᠠᠨ ᠬᠡᠭᠦ ᠮᠡᠳᠤᠴᠢᠯᠡᠨ ᠳᠡᠮᠳᠡᠭᠯᠡᠵᠦ ᠪᠤᠢ︶ ᠪᠠᠷᠠᠭᠤᠨ | ᠠᠴᠠ ᠵᠡᠭᠦᠨᠰᠢ ᠢᠷᠡᠭᠰᠡᠨ ᠤ ᠳᠠᠷᠠᠭ᠎ᠠ᠂ ᠤᠷᠢᠶᠠᠩᠬᠠᠢ ᠶᠢᠨ ᠭᠤᠷᠪᠠᠨ ᠠᠶᠢᠮᠠᠭ ᠢ ᠬᠤᠷᠢᠶᠠᠨ ᠡᠵᠡᠯᠡᠵᠦ᠂ ︽ᠭᠠᠵᠠᠷ | ᠤᠨᠬᠦ᠋ᠢᠰᠦ︾ ᠬᠡᠮᠡᠭᠳᠡᠭᠰᠡᠨ ᠳᠤᠬᠢᠭᠤᠷ ᠳᠤᠯᠤᠭᠠᠨ ᠤᠳᠤᠨ ᠠᠭᠤᠯᠠᠨ ᠤ ᠡᠩᠭᠡᠷ ᠲᠤ ᠬᠦᠷᠢᠶ᠎ᠡ ᠪᠠᠭᠤᠳᠠᠯᠯᠠᠨ ᠤᠯᠤᠰ | ᠳᠦᠷᠦ ᠶᠢᠨ ᠳᠦᠪ ᠢᠶᠠᠨ ᠪᠤᠯᠭᠠᠵᠤ ᠪᠠᠶᠢᠯ᠎ᠠ᠂ ᠢᠩᠭᠢᠬᠡᠳ ︽ᠬᠦᠷᠢᠶ᠎ᠡ︾ ᠬᠡᠳᠡᠭ ᠭᠠᠵᠠᠷ ᠤᠨ ᠨᠡᠷ᠎ᠡ ᠪᠤᠢ ᠪᠤᠯᠵᠠᠢ | ᠬᠡᠳᠡᠭ ᠤᠯᠠᠮᠵᠢᠯᠠᠯ ᠶᠠᠷᠢᠶ᠎ᠠ ᠪᠠᠶᠢᠳᠠᠭ᠃ | 2. ᠳ᠋ᠠᠢ ᠬᠤᠩ ᠢ᠂ ᠪᠤᠬᠯᠤᠳ · ᠪᠤᠶᠠᠨ ᠤ ᠨᠠᠶᠢᠷᠠᠭᠤᠯᠤᠨ ᠵᠤᠬᠢᠶᠠᠬᠰᠠᠨ ︽ᠤᠮᠠᠷᠠᠳᠤ ᠶᠤᠸᠠᠨ ᠤ ᠳᠡᠤᠭᠡ︾ | ︵ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 1991 ᠤᠨ︶ ᠳᠤ᠄ ︽ᠤᠳᠤᠷᠯᠠᠵᠤ | ᠪᠠᠭᠤᠳᠠᠯᠯᠠᠬᠤ ᠳᠠᠭᠠᠨ ᠠᠶᠢᠮᠠᠭ ᠤᠨ ᠳᠦᠷᠳᠭᠦᠴᠢ ᠨᠢ ᠳᠦᠪ ᠳᠤᠮᠳᠠ ᠰᠠᠭᠤᠵᠤ᠂ ᠬᠠᠷᠢᠶ᠎ᠠ ᠠᠯᠪᠠᠳᠤ ᠠᠷᠠᠳ ᠨᠢ | ᠬᠦᠷᠢᠶᠡᠯᠡᠨ ᠪᠠᠭᠤᠳᠠᠭ ᠪᠦᠯᠦᠭᠡ᠃ ᠡᠭᠦᠨ ᠢ ᠪᠠᠰᠠ ᠬᠦᠷᠢᠶ᠎ᠡ ᠬᠡᠨ᠎ᠡ︾ ᠬᠡᠵᠦ ᠪᠤᠢ᠃ | 3. ︽ᠵᠡᠭᠦᠨ ᠡᠳᠡᠬᠡᠳ ᠪᠠᠭ᠎ᠠ ᠬᠦᠷᠢᠶ᠎ᠡ ᠳᠤ ᠴᠠᠬᠠᠷ ᠠᠶᠢᠮᠠᠭ ᠰᠢᠯᠵᠢᠨ ᠰᠠᠭᠤᠬᠰᠠᠨ ᠠᠮᠤᠢ᠃ ᠡᠭᠦᠨᠴᠡ | ᠡᠬᠢᠯᠡᠨ ᠰᠠᠶ᠋ᠢ ᠪᠠᠭ᠎ᠠ ᠬᠦᠷᠢᠶ᠎ᠡ ᠳᠤ ᠴᠠᠬᠠᠷ ᠠᠶᠢᠮᠠᠭ ᠳᠡᠭᠵᠢᠷᠡᠨ ᠮᠠᠨᠳᠤᠭᠠᠳ᠂ ᠵᠡᠭᠦᠨ ᠡᠳᠡᠬᠡᠳ ᠮᠠᠨᠵᠤ ᠤᠬᠰᠠᠭ᠎ᠠ | ᠯᠤᠭ᠎ᠠ ᠵᠠᠬ᠎ᠠ ᠨᠡᠶᠢᠯᠡᠭᠰᠡᠨ ᠢᠶᠠᠷ ᠦᠯᠦ ᠪᠠᠷᠠᠮ᠂ ᠠᠳᠤᠭᠤᠯᠤᠨ ᠮᠠᠯᠵᠢᠬᠤ ᠤᠬᠰᠠᠭᠠᠳᠠᠨ ᠬᠢᠬᠡᠳ ᠳᠠᠷᠢᠶᠠᠯᠠᠨ | ᠠᠮᠢᠳᠤᠷᠠᠬᠤ ᠤᠬᠰᠠᠭᠠᠳᠠᠨ ᠤ ᠵᠠᠬ᠎ᠠ ᠬᠢᠵᠠᠭᠠᠷ ᠲᠤᠷ ᠮᠠᠨᠳᠤᠬᠰᠠᠨ ᠠᠮᠤᠢ︾ ᠬᠡᠵᠦ ᠳᠡᠮᠳᠡᠭᠯᠡᠵᠦ ᠪᠠᠶᠢᠨ᠎ᠠ᠃ ︵ | ᠶᠦᠩᠴᠢᠶᠠᠨᠵᠠᠪ᠂ ᠭᠤᠷᠯᠤᠳ ᠬᠠᠰᠪᠠᠷᠰ᠂ ᠬᠠᠪᠤᠷᠰᠠᠶᠢᠨ ᠨᠠᠶᠢᠷᠠᠭᠤᠯᠤᠬᠰᠠᠨ ︽ᠮᠠᠨᠢᠵᠠᠪ ᠤᠨ ᠵᠤᠬᠢᠶᠠᠯ ᠤᠨ | ᠴᠢᠭᠤᠯᠭᠠᠨ︾ ᠦᠨᠳᠦᠰᠦᠳᠡᠨ ᠤ ᠬᠡᠪᠯᠡᠯ ᠤᠨ ᠬᠤᠷᠢᠶ᠎ᠠ᠂ 2009 ᠤᠨ︶ ᠃ | 4 . ᠬᠦᠷᠡᠯᠱᠠ ᠨᠠᠶᠢᠷᠠᠭᠤᠯᠤᠬᠰᠠᠨ ︽ᠵᠢᠷᠢᠮ ᠤᠨ ᠰᠦᠮ᠎ᠡ ᠬᠡᠶᠢᠳ︾ ᠦᠪᠤᠷ ᠮᠤᠩᠭᠤᠯ ᠤᠨ ᠰᠤᠶᠤᠯ ᠤᠨ | ᠬᠡᠪᠯᠡᠯ ᠤᠨ ᠬᠤᠷᠢᠶ᠎ᠠ᠂1993 ᠤᠨ᠂ 110 ᠳ᠋ᠤᠭᠠᠷ ᠨᠢᠭᠤᠷ ᠲᠤ ︽ᠮᠢᠩ ᠤᠯᠤᠰ ᠤᠨ ᠸᠠᠨ ᠯᠢ ᠶᠢᠨ ᠦᠶ᠎ᠡ | ᠳᠤ ᠪᠠᠭ᠎ᠠ ᠬᠦᠷᠢᠶ᠎ᠡ ᠳᠤ ᠯᠢᠭᠳᠡᠨ ᠬᠠᠭᠠᠨ ᠤ ᠴᠠᠬᠠᠷ ᠠᠶᠢᠮᠠᠭ ᠰᠠᠭᠤᠷᠢᠰᠢᠵᠦ᠂ ᠰᠦᠮ᠎ᠡ ᠬᠡᠶᠢᠳ ᠪᠠᠶᠢᠭᠤᠯᠵᠤ | ᠡᠬᠢᠯᠡᠭᠰᠡᠨ ᠪᠤᠯᠤᠯᠳᠠᠢ︾ ᠬᠡᠵᠤ ᠪᠤᠢ᠃ ᠠᠳᠡ ᠬᠡᠯᠡᠳᠡᠭ ᠸᠠᠨ ᠯᠢ ᠶᠢᠨ ᠦᠶ᠎ᠡ ᠨᠢ ᠨᠡᠶᠢᠳᠡ ᠶᠢᠨ ᠤᠨ ᠳᠤᠭᠠᠯᠠᠯ | ᠤᠨ1572 ~ 1620 ᠤᠨ ᠤ ᠬᠤᠭᠤᠷᠤᠨᠳᠤᠬᠢ ᠶᠢᠨ ᠴᠠᠭ ᠬᠤᠭᠤᠴᠠᠭ᠎ᠠ ᠶᠢ ᠵᠢᠭᠠᠨ᠎ᠠ᠃ ᠯᠢᠭᠳᠡᠨ | ᠬᠠᠭᠠᠨ1604 ᠤᠨ ᠳᠤ ᠬᠠᠭᠠᠨ ᠰᠠᠭᠤᠵᠤ 1617 ᠤᠨ ᠠᠴᠠ ᠡᠬᠢᠯᠡᠨ ᠬᠦᠷᠢᠶ᠎ᠡ ᠳᠤ ︽ᠡᠬᠢ ᠰᠦᠮ᠎ᠡ︾᠂ ︽ | ᠶᠡᠭᠡ ᠬᠠᠭᠠᠨ ᠤ ᠰᠦᠮ᠎ᠡ︾ ︵ᠪᠠᠰᠠ ᠯᠤᠤ ᠬᠠᠨ ᠸᠠᠩ ᠤᠨ ᠰᠦᠮ᠎ᠡ ᠬᠡᠳᠡᠭ︶᠂ ︽ᠦᠬᠢᠨ ᠳᠡᠭᠷᠢ ᠶᠢᠨ ᠰᠦᠮ᠎ᠡ︾ | ︵ᠬᠤᠵᠢᠮ ᠨᠢ ᠨᠠᠪᠳᠠᠭ ᠰᠠᠪᠳᠠᠭ ᠤᠨ ᠰᠦᠮ᠎ᠡ ᠪᠤᠯᠵᠠᠢ︶᠂ ︽ᠭᠠᠷᠮ᠎ᠠ ᠯᠠᠮᠠ ᠶᠢᠨ ᠰᠦᠮ᠎ᠡ︾᠂ ︽ᠱᠠᠬᠵᠠᠮᠤᠨᠢ | ᠶᠢᠨ ᠰᠦᠮ᠎ᠡ︾ ᠵᠡᠷᠭᠡ ᠶᠢ ᠪᠠᠶᠢᠭᠤᠯᠵᠠᠢ᠃ ︽ᠡᠬᠢ ᠰᠦᠮ᠎ᠡ︾ ᠳᠡᠭᠡᠨ ᠴᠢᠩᠬᠢᠰ ᠬᠠᠭᠠᠨ ᠠᠴᠠ ᠨᠠᠭᠠᠰᠢᠬᠢ ᠡᠯ᠎ᠡ | ᠬᠠᠭᠠᠳ ᠢᠶᠠᠨ ᠳᠠᠬᠢᠵᠤ᠂ ︽ᠶᠡᠭᠡ ᠬᠠᠭᠠᠨ ᠤ ᠰᠦᠮ᠎ᠡ︾ ᠳᠡᠭᠡᠨ ᠳᠦᠮᠡᠨ ᠵᠠᠰᠠᠬᠳᠤ ᠬᠠᠭᠠᠨ ᠢ ᠳᠠᠬᠢᠭᠠᠳ᠂ ︽ | ᠦᠭᠢᠨ ᠳᠡᠭᠷᠢ ᠶᠢᠨ ᠰᠦᠮ᠎ᠡ︾ ᠳᠤ ︽ᠬᠦᠷᠢᠶ᠎ᠡ︾ ᠶᠢᠨ ᠭᠠᠵᠠᠷ ᠤᠷᠤᠨ ᠤ ᠨᠠᠪᠳᠠᠭ ᠰᠠᠪᠳᠠᠭ ︽ᠦᠬᠢᠨ ᠳᠡᠭᠷᠢ︾ | ᠶᠢ ᠰᠢᠳᠤᠯᠬᠡ ᠪᠤᠯᠭᠠᠨ᠂ ︽ᠭᠠᠷᠮ᠎ᠠ ᠯᠠᠮᠠ ᠶᠢᠨ ᠰᠦᠮ᠎ᠡ︾ ᠳᠤ ᠳᠦᠮᠡᠨ ᠬᠠᠭᠠᠨ ᠢ ᠤᠳᠤᠷᠢᠳᠤᠨ ᠤᠯᠠᠭᠠᠨ ᠤ | ᠱᠠᠰᠢᠨ ᠳᠤ ᠤᠷᠤᠭᠤᠯᠤᠬᠰᠠᠨ ᠭᠠᠷᠮ᠎ᠠ ᠶᠢ ᠳᠠᠬᠢᠯ ᠪᠤᠯᠭᠠᠵᠤ ᠪᠠᠶᠢᠵᠠᠢ᠃ | 5. ᠡᠷᠳᠡᠮᠳᠦ ᠨᠠᠶᠢᠷᠠᠭᠤᠯᠤᠨ ᠵᠤᠭᠢᠶᠠᠬᠰᠠᠨ ︽ᠵᠡᠭᠦᠯᠳᠡ ᠵᠢᠷᠤᠭ ᠬᠠᠳᠠᠬᠰᠠᠨ ᠮᠤᠩᠭᠤᠯ ᠤᠨ ᠨᠢᠭᠤᠴᠠ | ᠳᠤᠪᠴᠢᠶᠠᠨ︾ ᠤ 56 ᠳ᠋ᠤᠭᠠᠷ ᠨᠢᠭᠤᠷ ᠲᠤ᠄ ︽ᠬᠦᠷᠢᠶ᠎ᠡ ᠬᠡᠳᠡᠭ ᠨᠢ ᠡᠷᠳᠡᠨ ᠤ ᠮᠤᠩᠭᠤᠯᠴᠤᠳ ᠤᠨ ᠤᠳᠤᠷᠯᠠᠨ | ᠮᠠᠯᠵᠢᠬᠤ ᠬᠡᠯᠪᠡᠷᠢ ᠶᠢᠨ ᠨᠢᠭᠡᠨ ᠵᠤᠶᠢᠯ᠃ ᠬᠡᠬᠡᠷ᠎ᠡ ᠳᠠᠯ᠎ᠠ ᠳᠤ ᠤᠯᠠᠨ ᠭᠡᠷ ᠳᠡᠷᠭᠡ ᠳᠤᠭᠤᠷᠢᠭ ᠬᠡᠯᠪᠡᠷᠢ ᠪᠠᠷ | ᠬᠦᠷᠢᠶᠡᠯᠡᠨ ᠪᠠᠭᠤᠭᠠᠳ᠂ ᠳᠦᠷᠦᠭᠦᠤ ᠪᠠᠨ ᠳᠤᠭᠤᠷᠢᠭ ᠤᠨ ᠳᠤᠮᠳᠠ ᠪᠠᠶᠢᠷᠢᠯᠠᠳᠠᠭ᠃ ᠬᠡᠷᠪᠡ ᠳᠠᠶᠢᠰᠤᠨ ᠪᠤᠶᠤ | ᠳᠡᠬᠡᠷᠡᠮ ᠳᠤᠭᠢᠶᠠᠯᠳᠤᠪᠠᠯ ᠭᠠᠳᠠᠷ ᠳᠤᠭᠤᠷᠢᠭ ᠢ ᠨᠢ ᠬᠠᠯᠳᠤᠬᠤ ᠵᠠᠪ ᠲᠤ ᠳᠦᠷᠦᠭᠦᠤ ᠨᠢ ᠮᠡᠳᠡᠭᠡᠳ᠂ ᠪᠦᠭᠦ ᠬᠦᠷᠢᠶ᠎ᠡ | ᠪᠠᠨ ᠵᠠᠭᠢᠷᠴᠤ᠂ ᠵᠤᠬᠢᠶᠠᠨ ᠪᠠᠶᠢᠭᠤᠯᠵᠤ ᠪᠠᠶᠢᠭᠠᠳ ᠳᠡᠬᠡᠷᠡᠮ ᠳᠠᠶᠢᠰᠤᠨ ᠲᠠᠢ ᠡᠰᠡᠷᠬᠦᠴᠡᠳᠡᠭ᠃ ᠮᠤᠩᠭᠤᠯ ᠬᠠᠭᠠᠨᠳᠤ | ᠤᠯᠤᠰ ᠪᠠᠶᠢᠭᠤᠯᠤᠬᠳᠠᠬᠤ ᠠᠴᠠ ᠡᠮᠤᠨ᠎ᠡ ᠤᠯᠠᠩᠭᠢ ᠠᠶᠢᠮᠠᠭ ᠨᠢ ᠪᠦᠷ ᠡᠶᠢᠮᠦᠷᠬᠦᠤ ᠬᠦᠷᠢᠶ᠎ᠡ ᠪᠠᠷ ᠮᠠᠯᠵᠢᠵᠤ ᠪᠠᠶᠢᠪᠠ︾ | ᠬᠡᠵᠦ ᠪᠤᠢ᠃ ᠤᠮᠠᠷᠠᠳᠤ ᠶᠤᠸᠠᠨ ᠤ ᠡᠬᠢᠨ ᠳᠤᠮᠳᠠᠦᠶᠡᠰ ᠲᠤ ᠮᠤᠩᠭᠤᠯᠴᠤᠳ ᠪᠠᠰᠠ ᠮᠠᠯᠵᠢᠬᠤ ᠠᠵᠤ ᠠᠬᠤᠢ | ᠪᠠᠷ ᠭᠤᠤᠯ ᠪᠤᠯᠭᠠᠵᠤ ᠪᠠᠶᠢᠬᠰᠠᠨ ᠳᠤᠯᠠ ᠪᠠᠰᠠ ︽ᠬᠦᠷᠢᠶ᠎ᠡ︾ ᠪᠠᠭᠤᠬᠤ ᠬᠡᠯᠪᠡᠷᠢ ᠶᠢ ᠬᠡᠷᠡᠭᠯᠡᠵᠦ ᠪᠠᠶᠢᠵᠠᠢ᠃ | 6. ᠳ᠋ᠠᠢ ᠬᠤᠩ ᠢ᠂ ᠪᠤᠬᠯᠤᠳ · ᠪᠤᠶᠠᠨ ᠨᠠᠶᠢᠷᠠᠭᠤᠯᠤᠨ ᠵᠤᠬᠢᠶᠠᠬᠰᠠᠨ ︽ᠤᠮᠠᠷᠠᠳᠤ ᠶᠤᠸᠠᠨ ᠤ ᠳᠠᠤᠭᠡ︾ | ︵ᠦᠪᠡᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂1991 ᠤᠨ︶ ᠶᠢᠨ111 ᠳ᠋ᠤᠭᠠᠷ ᠨᠢᠭᠤᠷ ᠲᠤ᠄ | ︽ᠳᠠᠷᠠᠶᠢᠰᠤᠨ ᠬᠦᠳᠡᠩ ᠬᠠᠭᠠᠨ ︵1548—1557 ᠤᠨ︶ ᠪᠠᠷ ᠤᠷᠢᠶᠠᠩᠬᠠᠢ ᠳᠠᠬᠢᠨ ᠨᠢᠭᠡ ᠦᠶ᠎ᠡ | ᠬᠦᠴᠦᠷᠭᠡᠭᠵᠢᠪᠡ᠃ ᠳᠠᠷᠠᠶᠢᠰᠤᠨ ᠬᠦᠳᠡᠩ ᠬᠠᠭᠠᠨ ᠪᠠᠷᠠᠭᠤᠨ ᠭᠠᠷᠤᠨ ᠠᠯᠳᠠᠨ ᠬᠠᠭᠠᠨ ᠤ ᠬᠦᠴᠤᠨ ᠳᠤ | ᠬᠠᠪᠴᠢᠬᠳᠠᠨ ᠴᠠᠬᠠᠷ ᠠᠶᠢᠮᠠᠭ ᠤᠨ ᠤᠯᠠᠨ ᠢᠶᠠᠨ ᠳᠠᠭᠠᠭᠤᠯᠤᠨ ᠵᠡᠭᠦᠨᠰᠢ ᠤᠷᠢᠶᠠᠩᠬᠠᠢ ᠠᠶᠢᠮᠠᠭ ᠤᠨ ᠬᠠᠷᠢᠶᠠᠳᠤ | ᠭᠠᠵᠠᠷ ᠰᠢᠯᠵᠢᠨ ᠤᠴᠢᠬᠰᠠᠨ ᠳᠤ ᠴᠠᠬᠠᠷ ᠳᠦᠮᠡᠨ ᠤ ᠤᠯᠤᠰ ᠳᠦᠷᠦ ᠶᠢᠨ ᠳᠦᠪ ᠨᠢ ᠤᠷᠢᠶᠠᠩᠬᠠᠢ ᠶᠢᠨ ᠭᠠᠵᠠᠷ | ᠰᠢᠯᠵᠢᠨ ᠤᠴᠢᠬᠰᠠᠨ ᠪᠠᠶᠢᠵᠠᠢ︾ ᠭᠡᠵᠦ ᠳᠡᠮᠳᠡᠭᠯᠡᠵᠦ ᠪᠠᠶᠢᠨ᠎ᠠ᠃ ᠡᠨᠡ ᠦᠶ᠎ᠡ ᠶᠢᠨ ᠤᠷᠢᠶᠠᠩᠬᠠᠢ ᠨᠢ ︽ᠬᠦᠷᠢᠶ᠎ᠡ︾ | ᠤᠷᠴᠢᠮ ᠰᠠᠭᠤᠷᠢᠰᠢᠵᠤ ᠪᠠᠶᠢᠪᠠ᠃ | 7. ᠬᠦᠷᠢᠶ᠎ᠡ ᠬᠤᠰᠢᠭᠤᠨ ᠤ ︽ᠡᠬᠢ ᠶᠦᠭᠡᠨ ᠪᠠᠳᠠᠷᠠᠭᠤᠯᠤᠬᠴᠢ ᠬᠡᠶᠢᠳ︾ ᠲᠤ ᠤᠤᠯ ᠳᠠᠭᠠᠨ ᠬᠤᠶᠠᠷ | ᠢᠵᠢ ︽ᠭᠠᠨᠵᠤᠤᠷ︾ ᠬᠠᠳᠠᠭᠠᠯᠠᠬᠳᠠᠵᠦ ᠪᠠᠶᠢᠵᠠᠢ᠂ ᠳᠡᠭᠦᠨ ᠤ ᠳᠤᠳᠤᠷᠠᠬᠢ ᠨᠡᠯᠢᠶᠡᠳ ᠬᠠᠭᠤᠴᠢᠷᠠᠬᠰᠠᠨ ᠨᠤᠮ ᠨᠢ | ᠯᠢᠭᠳᠡᠨ ᠬᠠᠭᠠᠨ ᠰᠠᠭᠤᠬᠰᠠᠨ ᠤ ᠳᠠᠷᠠᠭ᠎ᠠ ᠳᠦᠷᠪᠡᠳᠤᠭᠡᠷ ᠵᠢᠯ ᠳᠡᠭᠡᠨ ︽ᠠᠶᠤᠰᠢ ᠬᠦᠸᠧᠰᠢ︾ ᠪᠠᠷ | ᠮᠤᠩᠭᠤᠯᠴᠢᠯᠠᠭᠤᠯᠵᠤ ᠪᠢᠴᠢᠭᠰᠡᠨ ︽ᠭᠠᠨᠵᠤᠤᠷ︾᠂ ᠨᠦᠬᠦᠭᠡ ᠨᠢ ᠡᠩᠭᠡ ᠠᠮᠤᠭᠤᠯᠠᠩ ᠤᠨ 24 ᠳ᠋ᠤᠭᠠᠷ ᠤᠨ ᠳᠤ | ᠬᠦᠷᠢᠶ᠎ᠡ ᠯᠠᠮᠠ ᠨᠠᠷ ᠤᠨ ᠬᠠᠭᠤᠯᠤᠬᠰᠠᠨ ᠭᠠᠷ ᠪᠢᠴᠢᠮᠡᠯ ᠨᠤᠮ ︵ᠤᠳᠤ ᠪᠦᠷᠢ ᠬᠡᠬᠡᠭᠳᠡᠵᠦ ᠪᠠᠷᠠᠵᠠᠢ︶᠃ ᠡᠭᠦᠨ | ᠠᠴᠠ ᠪᠢᠳᠡᠬᠦ᠋ᠷᠢᠶᠡ ᠳᠤ ᠯᠢᠭᠳᠡᠨ ᠬᠠᠭᠠᠨ ᠰᠠᠭᠤᠷᠢᠰᠢᠵᠤ ᠨᠤᠮ ᠰᠤᠳᠤᠷ ᠤᠷᠴᠢᠭᠤᠯᠵᠤ ᠪᠢᠴᠢᠵᠠᠢ ᠪᠠᠶᠢᠵᠠᠢ ᠬᠡᠳᠡᠭ | ᠢ ᠮᠡᠳᠡᠵᠤ ᠪᠤᠯᠤᠨ᠎ᠠ᠃ | 8. ᠬᠦᠷᠢᠶ᠎ᠡ ᠬᠤᠰᠢᠭᠤᠨ ᠤ ᠬᠦᠷᠢᠶ᠎ᠡ ᠪᠠᠯᠭᠠᠰᠤᠨ ᠳᠤ ᠤᠤᠯ ᠳᠠᠭᠠᠨ ᠬᠠᠭᠤᠴᠢᠨ ︽ᠴᠠᠬᠠᠷ ᠤᠨ ᠭᠤᠷᠪᠠᠨ | ᠰᠦᠮ᠎ᠡ︾ ︵ᠭᠠᠵᠠᠷ ᠤᠷᠤᠨ ᠤ ᠨᠠᠪᠳᠠᠭ ᠰᠠᠪᠳᠠᠭ — ᠦᠭᠢᠨ ᠲᠡᠭᠷᠢ ᠶᠢᠨ ᠰᠦᠮ᠎ᠡ᠂ ᠶᠡᠭᠡ ᠬᠠᠭᠠᠨ ᠤ ᠰᠦᠮ᠎ᠡ | ᠂ ᠭᠠᠷᠮ᠎ᠠ ᠯᠠᠮᠠ ᠶᠢᠨ ᠰᠦᠮ᠎ᠡ︶ ᠰᠢᠨ᠎ᠡ ︽ᠴᠬᠠᠷ ᠤᠨ ᠭᠤᠷᠪᠠᠨᠰᠦ᠋ᠮᠡ︾ ︵ᠨᠠᠪᠳᠠᠭ ᠰᠠᠪᠳᠠᠭ ᠤᠨ ᠰᠦᠮ᠎ᠡ᠂ | ᠭᠠᠷᠮ᠎ᠠ ᠯᠠᠮᠠ ᠶᠢᠨ ᠰᠦᠮ᠎ᠡ᠂ ᠬᠦᠰᠤᠨᠳᠦᠭ ᠤᠨ ᠰᠦᠮ᠎ᠡ︶ ᠬᠡᠵᠦ ᠪᠠᠶᠢᠵᠠᠢ᠃ ᠬᠠᠭᠤᠴᠢᠨ ᠭᠠᠷᠮ᠎ᠠ ᠯᠠᠮᠠ ᠶᠢᠨ | ᠰᠦᠮ᠎ᠡ ᠳᠤ ᠨᠢ ᠨᠢᠭᠡᠨ ᠳᠡᠪᠳᠡᠷ ᠠᠯᠳᠠ ᠪᠠᠷ ᠪᠢᠴᠢᠭᠳᠡᠭᠰᠠᠨ᠂ ᠳᠡᠬᠡᠷ᠎ᠡ ᠨᠢ ᠰᠡᠯᠡᠮ᠎ᠡ ᠪᠠᠷ ᠴᠠᠪᠴᠢᠬᠰᠠᠨ ᠤᠷᠤ ᠲᠠᠢ | ᠭᠠᠨᠵᠤᠤᠷ ᠢ ᠳᠠᠬᠢᠵᠤ ᠪᠠᠶᠢᠵᠠᠢ᠃ ᠰᠡᠭᠦᠯᠡᠷ ᠨᠢ ᠰᠢᠨ᠎ᠡ ᠴᠠᠬᠠᠷ ᠤᠨ ᠭᠤᠷᠪᠠᠨ ᠰᠦᠮ᠎ᠡ ᠶᠢᠨ ︽ᠬᠦᠰᠤᠨᠳᠡᠭ︾ ᠤᠨ | ᠰᠦᠮ᠎ᠡ ᠳᠤ ᠳᠠᠬᠢᠬᠤ ᠪᠤᠯᠵᠠᠢ᠃ ᠰᠤᠨᠤᠰᠤᠬᠤᠯ᠎ᠠ᠂ ᠳᠤᠰ ᠰᠤᠳᠤᠷ ᠨᠢ ᠯᠢᠭᠳᠡᠨ ᠬᠠᠭᠠᠨ ᠤ ᠭᠤᠷᠪᠠᠨ ᠡᠷᠳᠡᠨᠢ ᠶᠢᠨ | ᠨᠢᠭᠡ ᠨᠢ ᠪᠤᠯᠬᠤ — ᠠᠯᠳᠠ ᠪᠠᠷ ᠪᠢᠴᠢᠭᠰᠡᠨ ᠭᠠᠨᠵᠤᠤᠷ ᠤᠨ ᠨᠢᠬᠡ ᠪᠤᠳᠢ ᠭᠡᠨ᠎ᠡ᠃ ᠯᠢᠭᠳᠡᠨ ᠬᠠᠭᠠᠨ ᠮᠠᠨᠵᠤ ᠳᠤ | ᠳᠡᠶᠢᠯᠤᠭ᠍ᠳᠡᠭᠡᠳ ᠪᠠᠷᠠᠭᠤᠨᠰᠢ ᠳᠤᠳᠠᠭᠠᠬᠤ ᠳᠠᠭᠠᠨ ᠨᠢᠭᠡ ᠡᠷᠳᠡᠨᠢ — ᠤᠯᠤᠰ ᠤᠨ ᠬᠠᠰ ᠳᠠᠮᠠᠭ᠎ᠠ ᠪᠠᠨ | ᠠᠪᠤᠩᠭᠤᠳᠠ ᠭᠠᠷᠬᠤ ᠬᠡᠬᠦ ᠳᠤ ᠳᠤᠤᠷᠠᠬᠢ ᠨᠢᠭᠡ ᠳᠦᠰᠢᠮᠡᠯ ᠨᠢ᠄ ︽ᠬᠠᠭᠠᠨ ᠡ︕ ᠠᠯᠳᠠᠨ ᠭᠠᠨᠵᠤᠤᠷ ᠢᠶᠠᠨ | ᠠᠪᠬᠤ ᠦᠬᠡᠢ ᠤᠤ︖︾ ᠬᠡᠰᠡᠨ ᠳᠤ ᠯᠢᠭᠳᠡᠨ᠄ ︽ᠪᠦᠷ ᠪᠤᠷᠬᠠᠨ ᠯᠠᠮᠠ ᠰᠤᠳᠤᠷ ᠤᠨ ᠤᠷᠰᠢᠭ︕ ᠡᠨᠡ | ᠰᠤᠳᠤᠷ ᠢ ᠬᠠᠶᠠ︕︾ ᠬᠡᠳ ᠡᠷᠳᠡᠨᠢ ᠶᠢᠨ ᠰᠡᠯᠡᠮ᠎ᠡ ᠪᠠᠷ ᠢᠶᠠᠨ ᠴᠠᠪᠴᠢᠯ᠎ᠠ ᠬᠡᠨ᠎ᠡ᠃ ᠳᠡᠷᠡ ᠳᠦᠰᠢᠮᠡᠯ ᠨᠢ᠄ ︽ | ᠠᠢ︕ ᠬᠠᠶᠢᠷᠬᠠᠨ︕︾ ᠬᠡᠳᠴᠠᠪᠴᠢᠬᠳᠠᠬᠰᠠᠨ ᠳᠡᠷᠡ ᠨᠢᠭᠡ ᠶᠢ ᠨᠢ ᠤᠷᠬᠢᠭᠠᠳ ᠪᠤᠰᠤᠳ ᠢ ᠨᠢ ᠪᠠᠭᠯᠠᠨ | ᠠᠪᠴᠤ ᠶᠠᠪᠤᠯ᠎ᠠ ᠬᠡᠳᠡᠭ᠃ ᠨᠠᠰᠤ ᠠᠭᠢᠭᠠᠳ ᠦᠯᠡᠳᠡᠵᠦ ᠬᠤᠴᠤᠷᠠᠬᠤ ᠪᠠᠷ ᠪᠤᠯᠤᠬᠰᠠᠨ ᠨᠢᠭᠡ ᠯᠠᠮᠠ ᠨᠢ ᠳᠡᠷᠡ | ᠰᠤᠳᠤᠷ ᠢ ᠨᠢ ᠰᠡᠮᠡᠬᠡᠷ ᠠᠪᠴᠤ ᠡᠪᠤᠷᠯᠡᠭᠡᠳ᠂ ᠳᠠᠶᠢᠨ ᠳᠠᠵᠢᠨ ᠨᠠᠮᠳᠠᠬᠰᠠᠨ ᠤ ᠳᠠᠷᠠᠭ᠎ᠠ ᠠᠪᠴᠤ ᠭᠠᠷᠭᠠᠵᠦ ᠭᠠᠷᠮ᠎ᠠ | ᠯᠠᠮᠠ ᠶᠢᠨ ᠰᠦᠮ᠎ᠡ ᠳᠡᠭᠡᠨ ᠳᠠᠬᠢᠯ ᠪᠤᠯᠭᠠᠬᠰᠠᠨ ᠬᠡᠨ᠎ᠡ᠃ ᠳᠡᠭᠡᠷᠡᠬᠢ ᠤᠯᠠᠮᠵᠢᠯᠠᠯ ᠠᠴᠠ ᠪᠢᠳᠡ ᠯᠢᠭᠳᠡᠨ ᠬᠠᠭᠠᠨ ︽ | ᠬᠦᠷᠢᠶ᠎ᠡ︾ ᠳᠤ ᠰᠠᠭᠤᠵᠤ ᠪᠠᠶᠢᠬᠰᠠᠨ ᠬᠡᠳᠡᠭ ᠢ ᠤᠬᠠᠵᠤ ᠪᠤᠯᠤᠨ᠎ᠡ᠃ | ᠳᠡᠭᠡᠷᠡᠬᠢ ᠶᠢ ᠪᠠᠭᠴᠠᠯᠠᠪᠠᠯ᠂ ᠬᠦᠷᠢᠶ᠎ᠡ ᠬᠤᠰᠢᠭᠤᠨ ᠤ ︽ᠬᠦᠷᠢᠶ᠎ᠡ︾ ᠨᠢ ᠤᠮᠠᠷᠠᠳᠤ ᠶᠤᠸᠠᠨ ᠤ ᠰᠠᠬᠦᠯᠴᠢ | ᠦᠶ᠎ᠡ ᠳᠤ ᠪᠤᠢ ᠪᠤᠯᠤᠬᠰᠠᠨ ᠭᠡᠳᠡᠭ ᠢ ᠮᠡᠳᠡᠵᠤ ᠪᠤᠯᠤᠨ᠎ᠠ᠃ ᠬᠦᠳᠡᠩ ᠳᠠᠷᠤᠬᠰᠠᠨ ᠬᠠᠭᠠᠨ᠂ ᠳᠦᠮᠡᠨ ᠬᠠᠭᠠᠨ᠂ | ᠪᠤᠶᠠᠨᠳᠤ ᠬᠠᠭᠠᠨ᠂ ᠯᠢᠭᠳᠡᠨ ᠬᠠᠭᠠᠨ ᠬᠦᠷᠢᠶ᠎ᠡ ᠪᠠᠷ ᠰᠠᠭᠤᠷᠢᠨ ᠪᠤᠯᠭᠠᠵᠦ᠂ ᠤᠯᠤᠰ ᠳᠦᠷᠦ ᠶᠢᠨ ᠳᠦᠪ ᠢᠶᠠᠨ | ᠪᠤᠯᠭᠠᠵᠤ ᠪᠠᠶᠢᠬᠰᠠᠨ ᠤᠴᠢᠷ᠂ ᠳᠡᠷᠡ ᠦᠶ᠎ᠡ ︽ᠬᠦᠷᠢᠶ᠎ᠡ︾ ᠬᠡᠳᠡᠭ ᠨᠡᠷ᠎ᠡ ᠪᠤᠢ ᠪᠤᠯᠤᠬᠰᠠᠨ ᠪᠠᠶᠢᠵᠠᠢ︕ |